ᠬᠢᠴᠢᠶᠡ︕ ᠡᠶᠢᠮᠦ ᠪᠣᠳᠠᠰ ᠨᠢ ᠵᠢᠷᠦᠬᠡᠨ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠭᠦᠯᠵᠦ ᠮᠡᠳᠡᠨ᠎ᠡ︕ ᠲᠡᠷᠡ ᠨᠢ ᠠᠮᠢᠰᠬᠤᠯ ᠢᠶᠠᠷ ᠳᠠᠮᠵᠢᠨ ᠬᠥᠮᠦᠨ ᠤ ᠪᠡᠶ᠎ᠡ ᠳᠤ ᠣᠷᠣᠳᠠᠭ
ᠨᠡᠶᠢᠲᠡᠯᠡᠭᠰᠡᠨ ᠴᠠᠭ᠄
2024/3/14
     ᠣᠶᠢᠷ᠎ᠠ ᠳᠤ ᠠᠮᠧᠷᠢᠺᠠ ᠶᠢᠨ ︽ ᠰᠢᠨ᠎ᠡ ᠢᠩᠭ᠍ᠯᠠᠨᠳ᠋ ᠤᠨ ᠠᠨᠠᠭᠠᠬᠤ ᠤᠬᠠᠭᠠᠨ ᠤ ᠰᠡᠳᠬᠦᠯ ︾ ᠳᠡᠭᠡᠷ᠎ᠡ ᠨᠡᠶᠢᠲᠡᠯᠡᠭᠰᠡᠨ ᠨᠢᠭᠡᠨ ᠰᠢᠨ᠎ᠡ ᠰᠤᠳᠤᠯᠭᠠᠨ ᠠᠴᠠ ᠦᠵᠡᠪᠡᠯ ᠂ ᠬᠥᠮᠦᠨ ᠤ ᠪᠡᠶ᠎ᠡ ᠳᠤ ᠤᠷᠤᠭᠰᠠᠨ ᠪᠢᠴᠢᠯ ᠰᠦᠯᠢᠶᠣᠣ ᠨᠢ ᠯᠤᠭᠰᠢᠭᠤᠨ ᠰᠤᠳᠠᠯ ᠳᠣᠲᠣᠷ᠎ᠠ ᠬᠤᠷᠠᠵᠤ ᠴᠤᠭᠯᠠᠷᠠᠳᠠᠭ ᠂ ᠡᠨᠡ ᠨᠢ ᠵᠢᠷᠦᠬᠡᠨ ᠡᠪᠡᠳᠴᠢᠨ ᠂ ᠰᠠ ᠡᠪᠡᠳᠴᠢᠨ ᠵᠡᠷᠭᠡ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠵᠦ ᠮᠡᠳᠡᠨ᠎ᠡ ᠃ ᠣᠶᠢᠯᠠᠭᠠᠭᠰᠠᠨ ᠢᠶᠠᠷ ᠂ ᠪᠢᠴᠢᠯ ᠰᠦᠯᠢᠶᠣᠣ ᠭᠡᠳᠡᠭ ᠨᠢ ᠶᠡᠷᠦ ᠳᠡᠭᠡᠨ ᠮᠥᠬᠦᠯᠢᠭ ᠤᠨ ᠳ᠋ᠢᠶᠠᠮᠧᠳ᠋ᠷ ᠨᠢ 5 ᠮᠢᠯᠢᠮᠧᠳ᠋ᠷ ᠠᠴᠠ ᠪᠠᠭ᠎ᠠ ᠰᠦᠯᠢᠶᠣᠣ ᠮᠥᠬᠦᠯᠢᠭ ᠢ ᠵᠢᠭᠠᠵᠤ ᠪᠤᠢ ᠂ ᠲᠡᠷᠡ ᠨᠢ ᠢᠳᠡᠭᠡᠨ ᠪᠤᠶᠤ ᠠᠮᠢᠰᠬᠤᠯ ᠢᠶᠠᠷ ᠳᠡᠮᠵᠢᠨ ᠬᠥᠮᠦᠨ ᠤ ᠪᠡᠶ᠎ᠡ ᠳᠤ ᠣᠷᠣᠳᠠᠭ ᠃ ᠰᠤᠳᠤᠯᠭᠠᠨ ᠤ ᠦᠷ᠎ᠡ ᠳ᠋ᠦᠩ ᠳᠤ ᠢᠯᠡᠷᠡᠭᠦᠯᠦᠭᠰᠡᠨ ᠢᠶᠠᠷ ᠂ 58% ᠶᠢᠨ ᠰᠤᠳᠤᠯᠤᠭᠳᠠᠬᠤ ᠡᠲᠡᠭᠡᠳ ᠤᠨ ᠬᠦᠵᠦᠭᠦᠨ ᠯᠤᠭᠰᠢᠭᠤᠨ ᠰᠤᠳᠠᠯ ᠤᠨ ᠲᠣᠯᠪᠤ ᠶᠢᠨ ᠬᠡᠰᠡᠭ ᠠᠴᠠ ᠪᠥᠭᠡᠭᠡᠨᠡᠷᠡᠯ ᠡᠲ᠋ᠧᠨ ᠤ ᠤᠯᠠ ᠮᠦᠷ ᠢ ᠪᠠᠶᠢᠴᠠᠭᠠᠨ ᠤᠯᠵᠠᠢ ᠂ ᠡᠨᠡ ᠬᠦ ᠪᠥᠭᠡᠭᠡᠨᠡᠷᠡᠯ ᠡᠲ᠋ᠧᠨ ᠪᠣᠯ ᠦᠷᠭᠦᠯᠵᠢ ᠬᠠᠷᠠᠭᠳᠠᠳᠠᠭ ᠰᠦᠯᠢᠶᠣᠣ ᠪᠣᠯᠤᠨ᠎ᠠ ᠃ ᠡᠭᠦᠨ ᠠᠴᠠ ᠭᠠᠳᠠᠨ᠎ᠠ ᠂ 12% ᠤᠨ ᠰᠤᠳᠤᠯᠤᠭᠳᠠᠬᠤ ᠡᠲᠡᠭᠡᠳ ᠤᠨ ᠬᠦᠵᠦᠭᠦᠨ ᠤ ᠯᠤᠭᠰᠢᠭᠤᠨ ᠰᠤᠳᠠᠯ ᠤᠨ ᠲᠣᠯᠪᠤ ᠶᠢᠨ ᠬᠡᠰᠡᠭ ᠠᠴᠠ ᠪᠥᠭᠡᠭᠡᠨᠡᠷᠡᠯ ᠾᠯᠤᠷᠤ᠋ ᠡᠲ᠋ᠧᠨ ᠤ ᠤᠯᠠ ᠮᠦᠷ ᠢ ᠪᠠᠶᠢᠴᠠᠭᠠᠨ ᠤᠯᠵᠠᠢ ᠂ ᠡᠨᠡ ᠨᠢ ᠥᠭᠡᠷ᠎ᠡ ᠨᠢᠭᠡ ᠵᠦᠢᠯ ᠤᠨ ᠦᠷᠭᠦᠯᠵᠢ ᠬᠠᠷᠠᠭᠳᠠᠳᠠᠭ ᠰᠦᠯᠢᠶᠣᠣ ᠪᠣᠯᠤᠨ᠎ᠠ ᠃ ᠪᠦᠷᠢᠳᠬᠡᠯ ᠤᠨ ᠵᠠᠳᠠᠯᠤᠯᠲᠠ ᠶᠢᠨ ᠦᠷ᠎ᠡ ᠳ᠋ᠦᠩ ᠳᠤ ᠢᠯᠡᠷᠡᠭᠦᠯᠦᠭᠰᠡᠨ ᠢᠶᠠᠷ ᠂ ᠬᠦᠵᠦᠭᠦᠨ ᠯᠤᠭᠰᠢᠭᠤᠨ ᠰᠤᠳᠠᠯ ᠤᠨ ᠲᠣᠯᠪᠤ ᠶᠢᠨ ᠬᠡᠰᠡᠭ ᠠᠴᠠ ᠰᠦᠯᠢᠶᠣᠣ ᠶᠢ ᠪᠠᠶᠢᠴᠠᠭᠠᠵᠤ ᠣᠯᠤᠭᠰᠠᠨ ᠦᠭᠡᠢ ᠬᠥᠮᠦᠨ ᠢ ᠪᠤᠳᠤᠪᠠᠯ ᠂ ᠬᠦᠵᠦᠭᠦᠨ ᠤ ᠯᠤᠭᠰᠢᠭᠤᠨ ᠰᠤᠳᠠᠯ ᠤᠨ ᠲᠣᠯᠪᠤ ᠶᠢᠨ ᠬᠡᠰᠡᠭ ᠲᠤ ᠪᠢᠴᠢᠯ ᠰᠦᠯᠢᠶᠣᠣ ᠪᠤᠶᠤ ᠮᠥᠬᠦᠯᠢᠭ ᠤᠨ ᠳ᠋ᠢᠶᠠᠮᠧᠳ᠋ᠷ ᠨᠢ ᠨᠡᠩ ᠪᠠᠭ᠎ᠠ ᠨᠠᠨᠤᠮᠧᠳ᠋ᠷ ᠰᠦᠯᠢᠶᠣᠣ ᠪᠠᠶᠢᠬᠤ ᠬᠥᠮᠦᠨ ᠨᠢ ᠵᠢᠷᠦᠬᠡᠨ ᠡᠪᠡᠳᠴᠢᠨ ᠂ ᠰᠠ ᠡᠪᠡᠳᠴᠢᠨ ᠳᠤ ᠨᠡᠷᠪᠡᠭᠳᠡᠬᠦ ᠪᠤᠶᠤ ᠦᠬᠦᠬᠦ ᠲᠦᠭᠰᠢᠬᠦᠷᠢ ᠪᠠᠷ ᠬᠡᠳᠦᠨ ᠳᠠᠬᠢᠨ ᠥᠨᠳᠥᠷ ᠶᠤᠮ ᠃    
ᠢᠷᠡᠯᠲᠡ᠄ ᠠᠷᠠᠳ ᠤᠨ ᠰᠦᠯᠵᠢᠶ᠎ᠡ