ᠲᠡᠷᠬᠡ ᠵᠢᠯᠤᠭᠤᠳᠬᠤ ᠬᠡᠯᠪᠡᠷᠢ ᠴᠢᠨᠢ ᠲᠠᠭᠠᠷᠠᠬᠤ ᠦᠬᠡᠢ ᠪᠤᠯ ᠨᠢᠬᠡ ᠪᠡᠶ᠎ᠡ ᠡᠪᠡᠳᠴᠢᠨ ᠰᠠᠭᠤᠵᠤ ᠮᠡᠳᠡᠨ᠎ᠡ
ᠨᠡᠶᠢᠲᠡᠯᠡᠭᠰᠡᠨ ᠴᠠᠭ᠄
2024/3/14
     ᠲᠡᠷᠬᠡᠨ ᠵᠢᠯᠤᠭᠤᠴᠢ ᠨᠠᠷ ᠲᠤ ᠠᠪᠴᠤ ᠬᠡᠯᠡᠪᠡᠯ ᠲᠡᠷᠬᠡ ᠵᠢᠯᠤᠭᠤᠳᠬᠤ ᠦᠶᠡᠰ ᠡᠮᠦᠨᠡᠰᠢ ᠪᠠᠨ ᠪᠦᠬᠦ᠋ᠢᠵᠦ ᠵᠢᠯᠤᠭᠤᠳᠪᠠᠯ ᠪᠠᠭᠠᠨ᠎ᠠ ᠨᠢᠷᠤᠭᠤᠨ ᠤ ᠹᠢᠽᠢᠦᠯᠦᠬᠢ ᠶᠢᠨ ᠮᠤᠷᠦ᠋ᠢᠯᠳᠠ ᠶᠢ ᠠᠮᠠᠷᠬᠠᠨ ᠨᠡᠮᠡᠭᠳᠡᠬᠦᠯᠬᠦ ᠶᠢᠨ ᠬᠠᠮᠳᠤ ᠲᠡᠭᠡᠳᠦ ᠬᠡᠮᠵᠢᠶ᠎ᠡ ᠪᠠᠷ ᠠᠩᠬᠠᠷᠤᠯ ᠲᠦᠪᠯᠡᠷᠡᠬᠦᠯᠳᠡᠭ ᠠᠴᠠ ᠪᠡᠶ᠎ᠡ ᠡᠪ ᠦᠬᠡᠢ ᠪᠠᠶᠢᠬᠤ ᠪᠠᠨ ᠰᠡᠷᠡᠵᠦ ᠮᠡᠳᠡᠬᠦ ᠦᠬᠡᠢ ᠪᠠᠶᠢᠳᠠᠭ ᠃ ᠦᠷᠬᠦᠯᠵᠢ ᠢᠩᠬᠢᠵᠦ ᠲᠡᠷᠬᠡ ᠵᠢᠯᠤᠭᠤᠳᠪᠠᠯ ᠪᠡᠶ᠎ᠡ ᠡᠮᠦᠨᠡᠰᠢ ᠪᠦᠬᠦ᠋ᠢᠳᠡᠭ ᠠᠴᠠ ᠲᠤᠯᠤᠭᠠᠢ ᠂ ᠭᠤᠤᠯ ᠪᠡᠶ᠎ᠡ ᠪᠤᠯᠤᠨ ᠲᠡᠬᠡᠳᠦ ᠮᠦᠴᠢ ᠶᠢᠨ ᠬᠦᠨᠳᠦ ᠨᠢ ᠪᠦᠷ ᠨᠢᠷᠦᠭᠤ ᠶᠢᠨ ᠰᠡᠬᠡᠷ ᠤᠨ ᠬᠡᠰᠡᠭ ᠲᠤ ᠲᠦᠪᠯᠡᠷᠡᠳᠡᠭ ᠠᠴᠠ ᠨᠢᠷᠤᠭᠤᠨ ᠶᠠᠰᠤᠨ ᠤ ᠬᠤᠭᠤᠷᠤᠨᠳᠤᠬᠢ ᠲᠠᠪᠠᠭ ᠤᠨ ᠬᠡᠰᠡᠭ ᠤᠨ ᠲᠠᠷᠤᠯᠳᠠ ᠶᠡᠬᠡᠰᠴᠦ ᠂ ᠨᠢᠷᠤᠭᠤᠨ ᠤ ᠬᠡᠰᠡᠭ ᠤᠨ ᠪᠤᠯᠴᠢᠩ ᠮᠢᠬ᠎ᠠ ᠬᠦᠰᠢᠵᠦ ᠡᠪᠡᠳᠳᠡᠭ ᠃ ᠵᠠᠷᠢᠮ ᠵᠢᠯᠤᠭᠤᠴᠢ ᠨᠠᠷ ᠰᠠᠭᠤᠳᠠᠯ ᠢᠶᠠᠨ ᠲᠡᠩᠳᠡᠬᠦᠦ ᠬᠤᠶᠢᠰᠢ ᠲᠤᠬᠢᠷᠠᠭᠤᠯᠳᠠᠭ ᠠᠴᠠ ᠲᠤᠰᠤᠨ ᠨᠡᠬᠡᠬᠡᠯᠬᠡ ᠶᠢ ᠬᠢᠰᠬᠢᠬᠦ ᠦᠶᠡᠰ ᠠᠯᠢ ᠴᠢᠳᠠᠬᠤ ᠪᠠᠷ ᠦᠭᠡᠵᠢᠩ ᠤᠨ ᠬᠡᠰᠡᠭ ᠢᠶᠠᠨ ᠡᠮᠦᠨᠡᠰᠢ ᠰᠤᠩᠭᠠᠵᠤ ᠪᠦᠰᠡᠯᠡᠬᠦᠷ ᠨᠢᠷᠤᠭᠤᠨ ᠤ ᠬᠡᠰᠡᠭ ᠤᠨ ᠲᠠᠷᠤᠯᠳᠠ ᠨᠡᠮᠡᠭᠳᠡᠵᠦ ᠲᠤᠯᠭᠠᠭᠤᠷᠢ ᠴᠡᠭ ᠢᠶᠠᠨ ᠠᠯᠳᠠᠳᠠᠭ ᠪᠠᠶᠢᠨ᠎ᠠ ᠃ ᠨᠢᠷᠤᠭᠤᠨ ᠤ ᠬᠡᠰᠡᠭ ᠤᠨ ᠲᠠᠷᠤᠯᠳᠠ ᠠᠬᠠᠳᠠᠪᠠᠯ ᠪᠦᠰᠡᠯᠡᠬᠦᠷ ᠨᠢᠷᠤᠭᠤᠨ ᠤ ᠬᠡᠰᠡᠭ ᠢ ᠬᠡᠮᠳᠦᠬᠡᠬᠦ ᠪᠤᠯᠤᠮᠵᠢ ᠶᠡᠭᠡ ᠪᠤᠯᠳᠠᠭ ᠃ ᠡᠶᠢᠮᠦ ᠠᠴᠠ ᠰᠠᠭᠤᠳᠠᠯ ᠢᠶᠠᠨ ᠬᠡᠳᠦᠷᠬᠡᠢ ᠡᠮᠦᠨᠡᠰᠢ ᠪᠠᠨ ᠲᠤᠬᠢᠷᠠᠭᠤᠯᠬᠤ ᠦᠬᠡᠢ ᠪᠠᠶᠢᠵᠤ ᠂ ᠪᠠᠷᠠᠭᠤᠨ ᠬᠦᠯ ᠢᠶᠠᠷ ᠲᠤᠷᠮᠤᠰᠤᠯᠠᠭᠤᠷ ᠢ ᠬᠢᠰᠬᠢᠬᠦ ᠳᠤ ᠲᠦᠬᠦᠮ ᠪᠤᠯᠭᠠᠵᠤ ᠂ ᠪᠦᠳᠦᠬᠦᠨ ᠰᠢᠯᠪᠢ ᠶᠢᠨ ᠬᠤᠭᠤᠷᠤᠨᠳᠤᠬᠢ ᠦᠨᠴᠦᠭ ᠢ 120 ᠭᠷᠠᠳᠦ᠋ᠰ ᠤᠷᠴᠢᠮ ᠠᠴᠠ ᠲᠡᠭᠡᠭᠰᠢ ᠪᠠᠶᠢᠯᠭᠠᠪᠠᠯ ᠵᠤᠬᠢᠨ᠎ᠠ ᠃ ᠡᠬᠦᠨ ᠠᠴᠠ ᠭᠠᠳᠠᠨ᠎ᠠ ᠂ ᠰᠠᠭᠤᠳᠠᠯ ᠤᠨ ᠲᠦᠰᠢᠯᠬᠡ ᠶᠢᠨ ᠪᠠᠶᠢᠷᠢ ᠶᠢ ᠬᠡᠳᠦᠷᠬᠡᠢ ᠠᠰᠬᠠᠨ ᠪᠠᠶᠢᠯᠭᠠᠵᠤ ᠪᠤᠯᠬᠤ ᠦᠬᠡᠢ ᠂ ᠴᠡᠬᠡᠵᠢᠨ ᠤ ᠬᠡᠰᠡᠭ ᠢ ᠮᠠᠰᠢᠨ ᠤ ᠵᠠᠯᠭᠤᠷ ᠠᠴᠠ ᠠᠯᠢ ᠴᠢᠳᠠᠬᠤ ᠪᠠᠷ ᠵᠠᠶᠢᠳᠠᠢ ᠪᠠᠶᠢᠯᠭᠠᠨ᠎ᠠ ᠃ ᠬᠡᠪᠡᠴᠦ ᠪᠠᠷᠠᠭᠤᠨ ᠭᠠᠷ ᠤᠨ ᠵᠠᠯᠭᠠᠯᠳᠠ ᠰᠤᠯᠢᠬᠤ ᠳᠤ ᠲᠦᠬᠦᠮ ᠪᠠᠶᠢᠬᠤ ᠶᠢ ᠪᠠᠳᠤᠯᠠᠨ᠎ᠠ ᠃ ᠮᠠᠰᠢᠨ ᠤ ᠰᠠᠭᠤᠳᠠᠯ ᠤᠨ ᠲᠤᠯᠤᠭᠠᠢ ᠶᠢᠨ ᠲᠡᠷ᠎ᠠ ᠨᠢ ᠲᠤᠬᠤ ᠠᠴᠠ ᠲᠤᠤᠷ᠎ᠠ ᠪᠤᠯ ᠠᠮᠠᠷᠬᠠᠨ ᠬᠦᠵᠦᠬᠦᠦ ᠰᠡᠬᠡᠷ ᠬᠦᠳᠦ᠋ᠢᠬᠦ ᠡᠪᠡᠳᠴᠢᠨ ᠤᠯᠤᠨ᠎ᠠ ᠃ ᠮᠠᠰᠢᠨ ᠤ ᠰᠠᠭᠤᠳᠠᠯ ᠤᠨ ᠲᠡᠷ᠎ᠡ ᠶᠢ ᠵᠢᠯᠤᠭᠤᠴᠢ ᠨᠠᠷ ᠲᠡᠮᠡᠢ ᠠᠩᠬᠠᠷᠳᠠᠭ ᠦᠬᠡᠢ ᠪᠠᠶᠢᠳᠠᠭ ᠃ ᠲᠡᠷᠡ ᠨᠢ ᠭᠤᠤᠯᠳᠠᠭᠤ ᠵᠢᠯᠤᠭᠤᠴᠢ ᠶᠢᠨ ᠲᠤᠯᠤᠭᠠᠢ ᠪᠠ ᠬᠦᠵᠦᠬᠦᠨ ᠤ ᠬᠡᠰᠡᠭ ᠢ ᠲᠤᠯᠭᠠᠭᠤᠷᠢᠯᠠᠬᠤ ᠦᠢᠯᠡᠳᠦᠯ ᠲᠠᠢ ᠶᠤᠮ ᠃ ᠪᠠᠴᠢᠮ ᠲᠤᠷᠮᠤᠰᠤᠯᠠᠬᠤ ᠦᠶᠡᠰ ᠲᠡᠷᠡ ᠨᠢ ᠲᠤᠯᠤᠭᠠᠢ ᠬᠦᠵᠦᠬᠦᠦ ᠶᠢᠨ ᠬᠡᠰᠡᠭ ᠢ ᠬᠠᠮᠠᠭᠠᠯᠠᠬᠤ ᠦᠢᠯᠡᠳᠦᠯ ᠲᠠᠢ ᠃ ᠬᠡᠷᠪᠡ ᠮᠠᠰᠢᠨ ᠤ ᠰᠠᠭᠤᠳᠠᠯ ᠤᠨ ᠲᠡᠷ᠎ᠡ ᠶᠢᠨ ᠪᠠᠶᠢᠷᠢ ᠨᠢ ᠬᠡᠳᠦᠷᠬᠡᠢ ᠲᠤᠤᠷ᠎ᠠ ᠪᠤᠯ ᠬᠦᠵᠦᠬᠦᠦ ᠰᠡᠬᠡᠷ ᠤᠨ ᠪᠦᠬᠦ᠋ᠢᠬᠦ ᠲᠠᠷᠤᠯᠳᠠ ᠶᠢ ᠶᠡᠬᠡᠰᠬᠡᠵᠦ ᠂ ᠬᠦᠵᠦᠬᠦᠦ ᠰᠡᠬᠡᠷ ᠤᠨ ᠦᠶ᠎ᠡ ᠬᠦᠳᠦ᠋ᠢᠬᠦ ᠵᠡᠷᠬᠡ ᠠᠰᠠᠭᠤᠳᠠᠯ ᠢ ᠪᠤᠢ ᠪᠤᠯᠭᠠᠨ᠎ᠠ ᠃ ᠮᠠᠰᠢᠨ ᠤ ᠰᠠᠭᠤᠳᠠᠯ ᠤᠨ ᠲᠡᠷ᠎ᠡ ᠶᠢᠨ ᠵᠦᠪ ᠲᠤᠬᠢᠷᠠᠭᠤᠯᠤᠯᠳᠠ ᠬᠡᠪᠡᠯ ᠮᠠᠰᠢᠨ ᠤ ᠰᠠᠭᠤᠳᠠᠯ ᠤᠨ ᠲᠡᠷ᠎ᠡ ᠶᠢᠨ ᠵᠦᠬᠡᠯᠡᠪᠳᠦᠷ ᠲᠤᠮᠳᠠ ᠬᠡᠰᠡᠭ ᠢ ᠵᠢᠯᠤᠭᠤᠴᠢ ᠶᠢᠨ ᠴᠢᠬᠢ ᠲᠠᠢ ᠠᠰᠯᠠᠭᠰᠠᠨ ᠪᠠᠶᠢᠯᠭᠠᠨ᠎ᠠ ᠃ ᠠᠶᠤᠯᠬᠦᠢ ᠪᠦᠰᠡᠯᠡᠬᠦᠷ ᠢ ᠪᠦᠰᠡᠯᠡᠬᠦ ᠦᠬᠡᠢ ᠪᠤᠯ ᠬᠦᠵᠦᠬᠦᠦ ᠶᠢ ᠬᠡᠮᠳᠦᠬᠡᠨ᠎ᠡ ᠃ ᠬᠡᠷᠪᠡ ᠰᠠᠨᠠᠮᠰᠠᠷ ᠦᠬᠡᠢ ᠬᠡᠷᠡᠭ ᠲᠤᠬᠢᠶᠠᠯᠳᠤᠵᠤ ᠬᠡᠨᠡᠳᠳᠡ ᠪᠠᠴᠢᠮ ᠲᠤᠷᠮᠤᠰᠤᠯᠠᠪᠠᠯ ᠬᠦᠵᠦᠬᠦᠦ ᠶᠢᠨ ᠬᠡᠰᠡᠭ ᠤᠭᠵᠤᠮ ᠰᠠᠵᠢᠭᠳᠠᠬᠤ ᠠᠴᠠ ᠪᠤᠯᠵᠤ ᠬᠦᠵᠦᠬᠦᠦ ᠰᠡᠬᠡᠷ ᠤᠨ ᠬᠡᠰᠡᠭ ᠢ ᠬᠡᠮᠳᠦᠬᠡᠨ᠎ᠡ ᠃ ᠡᠶᠢᠮᠦ ᠠᠴᠠ ᠵᠢᠯᠤᠭᠤᠴᠢ ᠨᠠᠷ ᠵᠢᠯᠤᠭᠤᠳᠬᠤ ᠳᠠᠭᠠᠨ ᠲᠠᠷᠢᠬᠢ ᠲᠤᠯᠤᠭᠠᠢ ᠪᠠᠨ ᠰᠡᠷᠬᠡᠭ ᠪᠠᠶᠢᠯᠭᠠᠵᠤ ᠂ ᠠᠶᠤᠯᠬᠦᠢ ᠪᠦᠰᠡᠯᠡᠬᠦᠷ ᠢ ᠪᠦᠰᠡᠯᠡᠬᠦ ᠠᠴᠠ ᠭᠠᠳᠠᠨ᠎ᠠ ᠲᠡᠷᠬᠡᠨ ᠤ ᠬᠤᠷᠳᠤᠴᠠ ᠪᠠᠨ ᠰᠠᠶᠢᠳᠤᠷ ᠲᠤᠬᠢᠷᠠᠭᠤᠯᠵᠤ ᠂ ᠠᠶᠠᠨᠴᠢᠳ ᠲᠤ ᠠᠶᠤᠯᠬᠦᠢ ᠪᠦᠰᠡᠯᠡᠬᠦᠷ ᠢ ᠪᠦᠰᠡᠯᠡᠬᠦ ᠶᠢ ᠡᠷᠬᠡᠪᠰᠢ ᠰᠠᠨᠠᠭᠤᠯᠤᠨ᠎ᠠ ᠃     
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ