| | | ᠱᠬᠠᠳᠠᠷ ᠪᠠᠯᠭᠠᠰᠤ ᠵᠡᠭᠦᠨᠭᠠᠷ ᠬᠤᠰᠢᠭᠤᠨ ᠤ ᠳᠤᠮᠳᠠ ᠬᠡᠰᠡᠭ ᠲᠤ ᠪᠠᠶᠢᠷᠢᠯᠠᠵᠤ ᠂ ᠵᠡᠭᠦᠨᠰᠢ ᠪᠠᠨ ᠳ᠋ᠡ ᠯᠦ ᠪᠠᠯᠭᠠᠰᠤ ᠂ ᠰᠢᠤᠸᠠᠢ ᠵᠢᠶᠠ ᠸᠠᠨ ᠪᠠᠯᠭᠠᠰᠤ ᠂ ᠯᠦᠩᠺᠸᠦ | ᠪᠠᠯᠭᠠᠰᠤ ᠲᠠᠢ ᠬᠥᠷᠰᠢᠯᠡᠵᠦ ᠂ ᠡᠮᠦᠨᠡᠰᠢ ᠪᠠᠨ ᠱᠠᠨᠰᠢ ᠮᠤᠵᠢ ᠶᠢᠨ ᠹᠦ᠋ ᠬᠥ᠋ ᠰᠢᠶᠠᠨ ᠤ ᠬᠥ᠋ ᠴᠧᠩ ᠪᠠᠯᠭᠠᠰᠤ ᠂ ᠬᠠᠯᠵᠠ ᠪᠠᠯᠭᠠᠰᠤ ᠲᠠᠢ ᠬᠥᠷᠰᠢᠯᠡᠵᠦ ᠂ | ᠪᠠᠷᠠᠭᠤᠨᠰᠢ ᠪᠠᠨ ᠨᠠᠷᠠᠰᠤᠨ ᠪᠠᠯᠭᠠᠰᠤ ᠂ ᠬᠠᠷᠠᠵᠠᠳᠠᠢ ᠰᠢᠶᠠᠩ ᠲᠠᠢ ᠬᠥᠷᠰᠢᠯᠡᠵᠦ ᠂ ᠤᠮᠠᠷᠠᠰᠢ ᠪᠠᠨ ᠪᠤᠷᠤᠳᠤᠬᠤᠢ ᠰᠤᠮᠤ ᠲᠠᠢ ᠬᠥᠷᠰᠢᠯᠡᠵᠦ ᠪᠠᠶᠢᠨ᠎ᠠ ᠃ | ᠶᠡᠷᠦᠩᠬᠡᠶ ᠲᠠᠯᠠᠪᠠᠶ ᠨᠢ 1567 ᠲᠡᠭᠰᠢ ᠳᠥᠷᠪᠡᠯᠵᠢᠨ ᠺᠢᠯᠣᠮᠧᠲᠷ ᠪᠠᠶᠢᠵᠤ ᠂ 26 ᠵᠠᠰᠠᠭ ᠵᠠᠬᠢᠷᠭᠠᠨ ᠤ ᠲᠤᠰᠬᠤᠨ 290 ᠲᠤᠰᠬᠤᠨ ᠤ ᠠᠷᠠᠳ ᠤᠨ | ᠳᠤᠭᠤᠶᠢᠯᠠᠩ ᠂ 7 ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠵᠥᠪᠯᠡᠯ ᠤᠨ 70 ᠰᠠᠭᠤᠭᠠᠯᠢ ᠠᠷᠠᠳ ᠤᠨ ᠲᠤᠭᠤᠷᠢᠭ ᠢ ᠬᠠᠷᠢᠶᠠᠯᠬᠠᠳᠠᠳᠠᠭ ᠃ 2023 | ᠣᠨ ᠳᠤ ᠡᠷᠦᠬᠡ ᠠᠮᠠ ᠶᠢᠨ ᠲᠠᠩᠰᠠ ᠲᠠᠢ ᠬᠥᠮᠦᠨ ᠠᠮᠠ ᠄ 25064 ᠡᠷᠦᠬᠡ 53291 ᠬᠥᠮᠦᠨ ᠪᠠᠶᠢᠵᠤ ᠂ ᠡᠭᠦᠨ ᠤ ᠳᠣᠲᠣᠷ᠎ᠠ ᠬᠤᠲᠠ ᠪᠠᠯᠭᠠᠰᠤᠨ ᠤ ᠬᠥᠮᠦᠨ | ᠠᠮᠠ 5336 ᠡᠷᠦᠬᠡ 12872 ᠬᠥᠮᠦᠨ ᠪᠠᠶᠢᠵᠤ ᠂ ᠪᠠᠶᠢᠩᠭᠤ ᠰᠠᠭᠤᠭ᠎ᠠ ᠬᠥᠮᠦᠨ ᠠᠮᠠ 21951 ᠡᠷᠦᠬᠡ 56047 ᠬᠥᠮᠦᠨ ᠪᠠᠶᠢᠨ᠎ᠠ ᠃ ᠱᠬᠠᠳᠠᠷ | ᠪᠠᠯᠭᠠᠰᠤᠨ ᠳᠤ 21 ᠲᠦᠮᠡᠨ ᠮᠥ ᠲᠠᠷᠢᠶᠠᠨ ᠭᠠᠵᠠᠷ ᠲᠠᠢ ᠂ 2023 ᠣᠨ ᠳᠤ ᠪᠣᠳᠠᠲᠠᠶ ᠳᠠᠷᠢᠭᠰᠠᠨ ᠲᠠᠯᠠᠪᠠᠶ 13 ᠲᠦᠮᠡᠨ ᠮᠥ ᠪᠠᠶᠢᠵᠤ ᠂ ᠡᠭᠦᠨ ᠳᠤ ᠡᠷᠳᠡᠨᠢ | ᠰᠢᠰᠢ 7.5 ᠲᠦᠮᠡᠨ ᠮᠥ ᠂ ᠰᠢᠷ᠎ᠠ ᠪᠤᠷᠴᠠᠭ 3 ᠲᠦᠮᠡᠨ ᠮᠥ ᠂ ᠡᠯᠳᠡᠪ ᠠᠮᠤ 2 ᠲᠦᠮᠡᠨ ᠮᠥ ᠂ ᠭᠤᠸ᠎ᠠ ᠵᠢᠮᠢᠰ ᠢᠳᠡᠰᠢᠨ ᠨᠣᠭᠤᠭ᠎ᠠ ᠵᠡᠷᠭᠡ ᠪᠤᠰᠤᠳ ᠠᠵᠤ | ᠠᠬᠤᠶ ᠶᠢᠨ ᠲᠠᠷᠢᠮᠠᠯ 0.5 ᠲᠦᠮᠡᠨ ᠮᠥ ᠪᠠᠶᠢᠵᠤ ᠂ ᠠᠮᠤ ᠪᠤᠳᠠᠭᠠᠨ ᠤ ᠤᠨᠠᠯᠲᠠ 5.2 ᠲᠦᠮᠡᠨ ᠲᠣᠨ ᠪᠠᠶᠢᠵᠤ ᠂ ᠮᠥ ᠪᠦᠷᠢ ᠶᠢᠨ ᠳᠤᠮᠳᠠᠴᠢ ᠦᠶ᠋ᠯᠡᠳᠬᠦᠨ ᠤ | ᠥᠷᠲᠡᠭ ᠨᠢ 2500 ᠲᠥᠭᠦᠷᠢᠭ ᠪᠣᠯᠤᠨ᠎ᠠ ᠃ ᠪᠡᠯᠴᠢᠭᠡᠷ ᠤᠨ ᠲᠠᠯᠠᠪᠠᠶ 137.2872 ᠲᠦᠮᠡᠨ ᠮᠥ ᠂ ᠣᠶ ᠰᠢᠭᠤᠶ ᠶᠢᠨ ᠭᠠᠵᠠᠷ 57 ᠲᠦᠮᠡᠨ ᠮᠥ ᠪᠠᠶᠢᠵᠤ ᠂ | ᠣᠶ ᠰᠢᠭᠤᠶ ᠶᠢᠨ ᠪᠦᠷᠬᠦᠴᠡ ᠶᠢᠨ ᠨᠣᠷᠮ᠎ᠠ 35% ᠳᠤ ᠬᠥᠷᠪᠡ ᠃ ᠮᠠᠯ ᠤᠨ ᠲᠤᠭ᠎ᠠ 28. 8 ᠲᠦᠮᠡ ᠳᠤ ᠬᠦᠷᠴᠦ ᠂ ᠡᠭᠦᠨ ᠤ ᠳᠣᠲᠣᠷ᠎ᠠ ᠬᠤᠨᠢ 25.5 ᠲᠦᠮᠡ ᠂ | ᠲᠠᠬᠢᠶ᠎ᠠ ᠨᠤᠭᠤᠰᠤ 2.2 ᠲᠦᠮᠡ ᠂ ᠭᠠᠭ᠋ᠠᠶ 0.87 ᠲᠦᠮᠡ ᠂ ᠦᠬᠡᠷ 0.23 ᠲᠦᠮᠡ ᠪᠠᠶᠢᠨ᠎ᠠ ᠃ ᠡᠭᠦᠨ ᠳᠤ ᠨᠡᠭᠦᠷᠡᠰᠦᠨ ᠠᠭᠤᠷᠬᠠᠶ 4 ᠂ ᠲᠣᠰᠣ ᠨᠡᠮᠡᠬᠦ | ᠥᠷᠲᠡᠭᠡ 13 ᠂ ᠪᠥᠭᠡᠮ ᠢᠶᠠᠷ ᠤᠭᠰᠠᠷᠠᠬᠤ ᠥᠷᠲᠡᠭᠡ 1 ᠂ ᠳᠤᠮᠳᠠᠳᠤ ᠪᠠᠭ᠎ᠠ ᠰᠤᠷᠭᠠᠭᠤᠯᠢ ᠬᠡᠤᠬᠡᠳ ᠤᠨ ᠴᠡᠴᠡᠷᠯᠢᠭ 15 ᠪᠣᠶ ᠃ | | ᠵᠢᠷᠤᠭ 1 ᠱᠠᠠᠠᠳᠠᠷ ᠪᠠᠯᠭᠠᠰᠤᠨ ᠤ ᠨᠥᠭᠴᠢᠭᠰᠡᠨ | ᠪᠠᠭᠠᠲᠤᠷᠴᠤᠳ ᠤᠨ ᠪᠤᠩᠬᠤᠨ ᠤ ᠬᠦᠷᠢᠶᠡᠯᠡᠩ | | ᠵᠢᠷᠤᠭ 2 ᠱᠠᠠᠠᠳᠠᠷ ᠪᠠᠯᠭᠠᠰᠤᠨ ᠤ ᠪᠥᠸᠧ ᠶᠠ ᠶᠤᠸᠠᠨ | | ᠵᠢᠷᠤᠭ 3 ᠱᠠᠠᠠᠳᠠᠷ ᠪᠠᠯᠭᠠᠰᠤᠨ ᠤ ᠤᠰᠤᠨ ᠳᠡᠭᠡᠷᠡᠬᠢ | ᠴᠡᠴᠡᠷᠯᠢᠭ | | ᠵᠢᠷᠤᠭ 4 ᠱᠠᠠᠠᠳᠠᠷ ᠪᠠᠯᠭᠠᠰᠤᠨ ᠤ ᠬᠥᠲᠥᠯ ᠢ | ᠥᠭᠡᠷᠡᠴᠢᠯᠡᠭᠰᠡᠨ ᠱᠠᠳᠤᠨ ᠲᠠᠷᠢᠶᠠᠨ ᠤ ᠦᠵᠡᠮᠵᠢ | | ᠵᠢᠷᠤᠭ 5 ᠱᠠᠠᠠᠳᠠᠷ ᠪᠠᠯᠭᠠᠰᠤᠨ ᠤ ᠱᠸᠨ ᠱᠠᠨ ᠤ | ᠳᠠᠶᠢᠯᠠᠯᠳᠤᠭᠠᠨ ᠤ ᠪᠠᠭᠤᠷᠢ | |