| ᠡᠨᠡ 5 ᠵᠦᠢᠯ ᠤᠨ ᠴᠠᠢ ᠶᠢ ᠤᠤᠭᠤᠬᠤ ᠶᠢ ᠰᠠᠨᠠᠭᠠᠴᠢᠯᠠᠬᠤ ᠦᠭᠡᠢ 1. ᠥᠳᠬᠡᠨ ᠴᠠᠢ ᠂ ᠲᠡᠮᠦᠷᠲᠦ ᠴᠢᠰᠤ ᠳᠤᠲᠠᠬᠤ ᠡᠪᠡᠳᠴᠢᠲᠡᠨ ᠨᠢ ᠥᠳᠬᠡᠨ ᠴᠠᠢ ᠶᠢ | ᠪᠠᠭ᠎ᠠ ᠤᠤᠭᠤᠭᠠᠷᠠᠢ ᠂ ᠥᠳᠬᠡᠨ ᠴᠠᠢ ᠤᠨᠲᠠᠬᠤ ᠶᠢ ᠨᠥᠯᠥᠭᠡᠯᠡᠨ᠎ᠡ ᠂ ᠴᠠᠢ ᠤᠤᠭᠤᠬᠤ ᠴᠠᠭ ᠪᠠ ᠬᠡᠮᠵᠢᠶ᠎ᠡ ᠪᠠᠨ ᠴᠤ ᠠᠩᠬᠠᠷᠬᠤ ᠬᠡᠷᠡᠭᠲᠡᠢ ᠃ 2. ᠸᠠᠯᠠᠭᠰᠠᠨ ᠴᠠᠶ ᠂ | ᠸᠠᠯᠠᠭᠰᠠᠨ ᠴᠠᠢ ᠶᠢ ᠤᠤᠭᠤᠪᠠᠯ ᠬᠥᠩᠭᠡᠨ ᠦᠶ᠎ᠡ ᠳᠤ ᠰᠠᠭᠤᠯᠭᠠᠬᠤ ᠵᠡᠷᠭᠡ ᠢᠳᠡᠭᠡᠨ ᠳᠤ ᠬᠤᠣᠷᠳᠠᠭᠳᠠᠬᠤ ᠰᠢᠨᠵᠢ ᠪᠠᠶᠢᠳᠠᠯ ᠭᠠᠷᠴᠤ ᠂ ᠬᠦᠨᠳᠦ ᠦᠶ᠎ᠡ ᠳᠤ ᠡᠯᠢᠭᠡ ᠂ | ᠪᠥᠭᠡᠷ᠎ᠡ ᠵᠡᠷᠭᠡ ᠴᠢᠬᠤᠯᠠ ᠡᠷᠬᠡᠲᠡᠨ ᠤ ᠡᠪᠡᠳᠴᠢᠨ ᠤ ᠬᠤᠪᠢᠷᠠᠯᠲᠠ ᠶᠢ ᠡᠭᠦᠰᠭᠡᠵᠦ ᠮᠡᠳᠡᠨ᠎ᠡ ᠃ 3. ᠦᠨᠦᠷᠳᠦ ᠴᠠᠶ ᠂ ᠡᠨᠡ ᠴᠠᠶ ᠳᠤ ᠲᠧᠷᠫᠧᠨ ᠤ ᠲᠥᠷᠥᠯ ᠤᠨ | ᠪᠣᠳᠠᠰ ᠠᠭᠤᠯᠤᠭᠳᠠᠵᠤ ᠂ ᠪᠦᠲᠦᠴᠡ ᠨᠢ ᠣᠯᠠᠨ ᠰᠦᠪᠡ ᠲᠠᠢ ᠪᠠᠶᠢᠳᠠᠭ ᠪᠦᠭᠡᠳ ᠮᠠᠰᠢ ᠠᠮᠠᠷᠬᠠᠨ ᠢᠶᠠᠷ ᠰᠣᠨᠢᠨ ᠦᠨᠦᠷ ᠢ ᠰᠢᠩᠭᠡᠭᠡᠨ ᠠᠪᠳᠠᠭ ᠂ ᠲᠡᠭᠦᠨ ᠢ ᠪᠤᠰᠤᠳ | ᠦᠨᠦᠷᠳᠦ ᠶᠠᠭᠤᠮ᠎ᠠ ᠲᠠᠢ ᠨᠢᠭᠡ ᠬᠡᠰᠡᠭ ᠬᠤᠭᠤᠴᠠᠭ᠎ᠠ ᠲᠠᠯᠪᠢᠭᠰᠠᠨ ᠤ ᠳᠠᠷᠠᠭ᠎ᠠ ᠮᠠᠰᠢ ᠠᠮᠠᠷᠬᠠᠨ ᠠᠮᠲᠠ ᠨᠢ ᠬᠤᠪᠢᠷᠠᠳᠠᠭ ᠃ ᠵᠠᠷᠢᠮ ᠠᠮᠳ᠋ᠨ ᠳᠤᠨᠢ ᠬᠤᠣᠷᠲᠤ ᠡᠳ᠋ | ᠠᠭᠤᠯᠵᠤ ᠪᠠᠶᠢᠳᠠᠭ ᠂ ᠵᠢᠱᠢᠶᠡᠯᠡᠪᠡᠯ ᠰᠢᠷ ᠤᠨ ᠦᠨᠦᠷ ᠵᠡᠷᠭᠡ ᠨᠢ ᠬᠥᠮᠦᠨ ᠤ ᠪᠡᠶ᠎ᠡ ᠳᠤ ᠬᠤᠣᠷ ᠬᠥᠨᠥᠭᠡᠯ ᠤᠴᠠᠷᠠᠭᠤᠯᠳᠠᠭ ᠃ 4. ᠤᠳᠠᠭᠠᠨ ᠪᠦᠷᠢᠬᠦ ᠴᠠᠢ ᠂ ᠪᠦᠷᠢᠬᠦ | ᠴᠠᠭ ᠨᠢ ᠬᠡᠲᠦ ᠣᠷᠳᠣ ᠪᠤᠯᠪᠠᠯ ᠴᠠᠶ ᠶᠢᠨ ᠥᠩᠭᠡ ᠨᠢ ᠪᠦᠳᠡᠭᠢ ᠂ ᠠᠮᠲᠠ ᠨᠢ ᠠᠨᠠᠶ ᠪᠤᠯᠵᠤ ᠂ ᠠᠮᠲᠠᠯᠠᠬᠤ ᠦᠨ᠎ᠡ ᠥᠷᠲᠡᠭ ᠢᠶᠠᠨ ᠠᠯᠳᠠᠬᠤ ᠪᠠᠷ ᠪᠠᠷᠠᠬᠤ ᠥᠬᠡᠶ ᠂ | ᠪᠠᠰᠠ ᠴᠠᠶ ᠳᠣᠲᠣᠷᠠᠬᠢ ᠸᠢᠲ᠋ᠠᠮᠢᠨ ᠵᠡᠷᠭᠡ ᠨᠢ ᠢᠰᠦᠯᠳᠦᠭᠰᠡᠨ ᠠᠴᠠ ᠪᠣᠯᠵᠣ ᠪᠠᠭᠠᠰᠴᠤ ᠂ ᠴᠠᠶ ᠶᠢᠨ ᠰᠢᠮ᠎ᠡ ᠲᠡᠵᠢᠭᠡᠯ ᠢ ᠶᠡᠭᠡ ᠪᠠᠷ ᠪᠠᠭᠤᠷᠠᠭᠤᠯᠳᠠᠭ ᠃ 5. ᠬᠡᠲᠦ | ᠬᠠᠯᠠᠭᠤᠨ ᠴᠠᠶ ᠂ ᠴᠠᠶ ᠪᠦᠷᠢᠬᠦ ᠤᠰᠤᠨ ᠤ ᠬᠠᠯᠠᠭᠤᠨ ᠨᠢ ᠶᠡᠷᠦ ᠳᠡᠭᠡᠨ 80℃~90℃ ᠪᠤᠶᠤ ᠵᠠᠷᠢᠮ ᠳᠠᠭᠠᠨ ᠪᠠᠰᠠ 100℃ ᠪᠠᠶᠢᠳᠠᠭ ᠂ ᠡᠶᠢᠮᠦ ᠠᠴᠠ ᠴᠠᠢ ᠶᠢ | ᠬᠡᠲᠦ ᠬᠠᠯᠠᠭᠤᠨ ᠦᠶ᠎ᠡ ᠳᠤ ᠤᠤᠭᠤᠵᠤ ᠪᠣᠯᠬᠤ ᠥᠬᠡᠶ ᠂ ᠡᠰᠡ ᠲᠡᠭᠡᠪᠡᠯ ᠠᠮᠠᠨ ᠤ ᠬᠥᠨᠳᠡᠶ ᠪᠣᠯᠤᠨ ᠤᠯᠠᠭᠠᠨ ᠬᠤᠭᠤᠯᠠᠶ ᠶᠢᠨ ᠰᠠᠯᠢᠰᠤᠲᠤ ᠪᠦᠷᠬᠦᠪᠴᠢ ᠶᠢ | ᠬᠠᠯᠠᠭᠠᠵᠤ ᠂ ᠰᠢᠷᠬᠠᠯᠠᠭ᠎ᠠ ᠡᠭᠦᠰᠭᠡᠵᠦ ᠂ ᠤᠳᠠᠭᠠᠨ ᠳᠠᠭᠠᠨ ᠠᠮᠠᠨ ᠬᠥᠨᠳᠡᠶ ᠶᠢᠨ ᠥᠮᠡᠨ ᠂ ᠤᠯᠠᠭᠠᠨ ᠬᠤᠭᠤᠯᠠᠶ ᠶᠢᠨ ᠥᠮᠡᠨ ᠢ ᠡᠭᠦᠰᠭᠡᠵᠦ ᠮᠡᠳᠡᠨ᠎ᠡ ᠃ | | |