| ᠮᠠᠷᠢᠶ᠎ᠠ ᠰᠢᠭᠤᠷᠠᠭᠤᠯᠬᠤ ᠃ ᠴᠠᠭᠠᠨ ᠯᠤᠤᠪᠠᠩ ᠤᠨ ᠠᠭᠤᠯᠬᠤ ᠢᠯᠴᠢ ᠶᠢᠨ ᠬᠡᠮᠵᠢᠶ᠎ᠡ ᠨᠢ ᠨᠡᠯᠢᠶᠡᠳ ᠪᠠᠭ᠎ᠠ ᠂ ᠰᠢᠷᠬᠡᠭᠯᠢᠭ ᠡᠳ᠋ ᠨᠡᠯᠢᠶᠡᠳ ᠠᠷᠪᠢᠨ ᠂ ᠢᠳᠡᠭᠰᠡᠨ ᠤ | ᠳᠠᠷᠠᠭ᠎ᠠ ᠠᠮᠠᠷᠬᠠᠨ ᠴᠢᠨᠦᠷᠡᠬᠦ ᠲᠥᠷᠥᠭᠳᠡᠯ ᠭᠠᠷᠴᠤ ᠂ ᠮᠠᠷᠢᠶ᠎ᠠ ᠪᠠᠨ ᠰᠢᠭᠤᠷᠠᠭᠤᠯᠬᠤ ᠳᠤ ᠲᠤᠰᠠᠲᠠᠢ ᠪᠠᠶᠢᠳᠠᠭ ᠃ ᠠᠭᠤᠯᠵᠤ ᠪᠠᠶᠢᠭ᠎ᠠ ᠭᠠᠶᠢᠮᠤ ᠶᠢᠨ ᠲᠣᠰᠣ ᠪᠠ | ᠢᠳᠡᠭᠡᠨ ᠤ ᠰᠢᠷᠬᠡᠭᠯᠢᠭ ᠨᠢ ᠴᠥᠮ ᠬᠤᠳᠣᠭᠤᠳᠤ ᠭᠡᠳᠡᠰᠦᠨ ᠤ ᠭᠦᠷᠪᠡᠯᠵᠡᠬᠦ ᠬᠥᠳᠡᠯᠭᠡᠭᠡᠨ ᠢ ᠠᠬᠢᠭᠤᠯᠵᠤ ᠂ ᠪᠡᠶ᠎ᠡ ᠶᠢᠨ ᠳᠣᠲᠣᠭᠠᠳᠤ ᠶᠢᠨ ᠰᠣᠯᠢᠯᠴᠠᠭ᠎ᠠ ᠶᠢ | ᠠᠬᠢᠭᠤᠯᠵᠤ ᠂ ᠬᠠᠶᠠᠭᠳᠠᠮᠠᠯ ᠪᠣᠳᠠᠰ ᠢ ᠭᠠᠳᠠᠭᠰᠢᠯᠠᠭᠤᠯᠬᠤ ᠳᠤ ᠲᠤᠰᠠᠲᠠᠢ ᠃ ᠠᠷᠠᠰᠤ ᠶᠢ ᠬᠠᠮᠠᠭᠠᠯᠠᠬᠤ ᠃ ᠴᠠᠭᠠᠨ ᠯᠤᠤᠪᠠᠩ ᠳᠤ ᠸᠢᠲ᠋ᠠᠮᠢᠨ C ᠡᠯᠪᠡᠭ ᠠᠭᠤᠯᠵᠤ ᠂ | ᠴᠠᠶᠢᠷᠠᠭᠤᠯᠬᠤ ᠦᠢᠯᠡᠳᠦᠯ ᠮᠠᠰᠢ ᠰᠠᠶᠢᠨ ᠃ ᠸᠢᠲ᠋ᠠᠮᠢᠨ C ᠪᠣᠯ ᠢᠰᠦᠯᠳᠦᠬᠦ ᠶᠢ ᠡᠰᠡᠷᠭᠦᠴᠡᠬᠦ ᠡᠳ᠋ ᠮᠥᠨ ᠂ ᠲᠡᠷᠡ ᠨᠢ ᠬᠠᠷ᠎ᠠ ᠥᠩᠭᠡᠨ ᠤ ᠡᠳ᠋ ᠤᠨ ᠨᠡᠶᠢᠯᠡᠯᠲᠡ ᠶᠢ | ᠬᠤᠷᠢᠭᠯᠠᠵᠤ ᠂ ᠥᠭᠡᠬᠦ ᠶᠢᠨ ᠢᠰᠦᠯᠳᠦᠬᠦ ᠶᠢ ᠬᠤᠷᠢᠭᠯᠠᠳᠠᠭ ᠃ ᠡᠶᠢᠮᠦ ᠠᠴᠠ ᠦᠷᠭᠦᠯᠵᠢ ᠴᠠᠭᠠᠨ ᠯᠤᠤᠪᠠᠩ ᠢᠳᠡᠪᠡᠯ ᠠᠷᠠᠰᠤ ᠪᠠᠨ ᠬᠠᠮᠠᠭᠠᠯᠠᠬᠤ ᠳᠤ ᠲᠤᠰᠠᠲᠠᠢ | ᠪᠠᠶᠢᠳᠠᠭ ᠃ ᠬᠡᠢ ᠶᠢ ᠨᠡᠪᠲᠡᠷᠡᠭᠦᠯᠬᠦ ᠃ ᠴᠠᠭᠠᠨ ᠯᠤᠤᠪᠠᠩ ᠢᠳᠡᠪᠡᠯ ᠬᠤᠳᠣᠭᠤᠳᠤ ᠭᠡᠳᠡᠰᠦ ᠶᠢ ᠤᠯᠠᠮ ᠢᠯᠭᠤᠮ ᠪᠣᠯᠭᠠᠳᠠᠭ ᠂ ᠥᠭᠡᠷ᠎ᠡ ᠪᠠᠷ ᠬᠡᠯᠡᠪᠡᠯ ᠬᠡᠢ ᠶᠢ | ᠨᠡᠪᠲᠡᠷᠡᠭᠦᠯᠳᠡᠭ ᠃ | ᠶᠠᠭᠠᠬᠢᠭᠠᠳ ᠴᠠᠭᠠᠨ ᠯᠤᠤᠪᠠᠩ ᠬᠡᠢ ᠶᠢ ᠨᠡᠪᠲᠡᠷᠡᠭᠦᠯᠬᠦ ᠦᠢᠯᠡᠳᠦᠯ ᠲᠠᠢ ᠪᠠᠶᠢᠳᠠᠭ ᠪᠤᠢ ︖ ᠭᠡᠪᠡᠯ ᠴᠠᠭᠠᠨ ᠯᠤᠤᠪᠠᠩ ᠳᠤ ᠬᠤᠶᠠᠷ ᠵᠦᠢᠯ ᠤᠨ ᠤᠨᠴᠠᠭᠠᠢ | ᠪᠦᠷᠢᠯᠳᠦᠭᠦᠨ ᠪᠠᠶᠢᠳᠠᠭ ᠄ ᠨᠢᠭᠡ ᠨᠢ ᠳᠡᠭᠳᠡᠮᠡᠬᠡᠢ ᠴᠢᠨᠠᠷᠲᠠᠢ ᠲᠣᠰᠣ - ᠭᠠᠶᠢᠮᠤ ᠶᠢᠨ ᠦᠷ᠎ᠡ ᠶᠢᠨ ᠲᠣᠰᠣ ᠂ ᠵᠠᠷᠢᠮ ᠯᠤᠤᠪᠠᠩ ᠨᠡᠯᠢᠶᠡᠳ ᠭᠤᠱᠤᠭᠤᠨ ᠪᠠᠶ᠋ᠢᠳᠠᠭ ᠤᠨ | ᠰᠢᠯᠲᠠᠭᠠᠨ ᠨᠢ ᠡᠨᠡ ᠃ ᠨᠥᠭᠦᠭᠡ ᠨᠢᠭᠡ ᠨᠢ ᠴᠠᠭᠠᠨ ᠯᠤᠤᠪᠠᠩ ᠤᠨ ᠳᠣᠲᠣᠷᠠᠬᠢ ᠢᠳᠡᠭᠡᠨ ᠤ ᠰᠢᠷᠬᠡᠭᠯᠢᠭ ᠡᠳ᠋ ᠪᠣᠯᠣᠨ᠎ᠠ ᠃ ᠴᠠᠭᠠᠨ ᠯᠤᠤᠪᠠᠩ ᠢᠳᠡᠭᠰᠡᠨ ᠤ ᠳᠠᠷᠠᠭ᠎ᠠ ᠂ | ᠳᠡᠭᠡᠭᠰᠢ ᠳᠣᠷᠣᠭᠰᠢ ᠪᠦᠷ ᠨᠡᠪᠲᠡᠷᠡᠭᠦᠯᠳᠡᠭ - ᠳᠠᠷᠤᠢ ᠳᠡᠭᠡᠭᠰᠢ ᠪᠠᠨ ᠭᠡᠭᠡᠷᠡᠭᠦᠯᠵᠤ ᠂ ᠳᠣᠷᠣᠭᠰᠢ ᠪᠠᠨ ᠭᠡᠳᠡᠰᠦᠨ ᠤ ᠭᠦᠷᠪᠡᠯᠵᠡᠯ ᠴᠢᠩᠭᠠᠷᠠᠳᠠᠭ ᠃ ᠡᠶᠢᠮᠦ ᠠᠴᠠ | ᠯᠤᠤᠪᠠᠩ ᠢᠳᠡᠭᠰᠡᠨ ᠤ ᠳᠠᠷᠠᠭ᠎ᠠ ᠂ ᠪᠡᠶ᠎ᠡ ᠶᠢᠨ ᠰᠢᠩᠭᠡᠭᠡᠯᠲᠡ ᠬᠠᠷᠢᠴᠠᠩᠭᠤᠢ ᠪᠠᠷ ᠠᠮᠠᠷᠬᠠᠨ ᠪᠥᠭᠡᠳ ᠢᠯᠭᠤᠮ ᠪᠤᠯᠳᠠᠭ ᠃ ᠠᠭᠤᠰᠬᠢ ᠶᠢ ᠬᠠᠮᠠᠭᠠᠯᠠᠬᠤ ᠃ | ᠠᠩᠭ᠍ᠯᠢ ᠶᠢᠨ ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ ᠂ ᠠᠭᠤᠰᠬᠢᠨ ᠤ ᠬᠠᠯᠳᠠᠪᠤᠷᠢᠯᠠᠯ ᠣᠯᠠᠨ ᠡᠭᠦᠰᠬᠦ ᠬᠤᠭᠤᠴᠠᠭᠠᠨ ᠳᠤ ᠲᠣᠭᠤᠨᠣᠯᠵᠢᠨ ᠴᠡᠴᠡᠭ ᠤᠨ | ᠲᠦᠷᠦᠯ ᠤᠨ ᠢᠳᠡᠰᠢᠨ ᠨᠣᠭᠤᠭ᠎ᠠ ᠶᠢ ᠢᠯᠡᠭᠦᠦ ᠢᠳᠡᠪᠡᠯ ᠠᠭᠤᠰᠬᠢ ᠶᠢ ᠬᠠᠮᠠᠭᠠᠯᠠᠵᠤ ᠂ ᠬᠠᠯᠳᠠᠪᠤᠷᠢᠯᠠᠯ ᠢ ᠪᠠᠭᠠᠰᠬᠠᠬᠤ ᠦᠢᠯᠡᠳᠦᠯ ᠲᠠᠢ ᠂ ᠴᠠᠭᠠᠨ ᠯᠤᠤᠪᠠᠩ ᠪᠣᠯ | ᠳᠠᠷᠤᠢ ᠲᠣᠭᠤᠨᠣᠯᠵᠢᠨ ᠴᠡᠴᠡᠭ ᠤᠨ ᠲᠦᠷᠦᠯ ᠤᠨ ᠢᠳᠡᠰᠢᠨ ᠨᠣᠭᠤᠭ᠎ᠠ ᠳᠤ ᠪᠠᠭᠲᠠᠨ᠎ᠠ ᠃ | ᠴᠠᠭᠠᠨ ᠯᠤᠤᠪᠠᠩ ᠢ ᠲᠦᠭᠦᠬᠡᠢ ᠪᠠᠷ ᠢᠳᠡᠬᠦ ᠤᠤ ᠪᠣᠯᠭᠤᠵᠤ ᠢᠳᠡᠬᠦ ᠤᠤ ︖ ᠴᠠᠭᠠᠨ ᠯᠤᠤᠪᠠᠩ ᠢ ᠲᠦᠭᠦᠬᠡᠢ ᠪᠠᠷ ᠢᠳᠡᠵᠦ ᠪᠣᠯᠣᠨ᠎ᠠ ᠂ ᠭᠡᠪᠡᠴᠦ ᠴᠠᠭᠠᠨ | ᠯᠤᠤᠪᠠᠩ ᠤᠨ ᠳᠣᠲᠣᠷ᠎ᠠ ᠳᠡᠭᠳᠡᠮᠡᠬᠡᠢ ᠴᠢᠨᠠᠷᠲᠠᠢ ᠭᠠᠶᠢᠮᠤ ᠶᠢᠨ ᠨᠠᠶᠢᠷᠠᠯᠭ᠎ᠠ ᠶᠢᠨ ᠲᠣᠰᠣ ᠠᠭᠤᠯᠵᠤ ᠪᠠᠶᠢᠬᠤ ᠤᠴᠢᠷ ᠠᠴᠠ ᠭᠤᠱᠤᠭᠤᠨ ᠠᠮᠲᠠ ᠲᠠᠢ ᠂ ᠵᠠᠷᠢᠮ ᠨᠠᠶᠢᠵᠠ | ᠨᠠᠷ ᠡᠨᠡ ᠬᠦ ᠰᠡᠳᠦᠯᠲᠡ ᠶᠢ ᠲᠡᠰᠪᠦᠷᠢᠯᠡᠵᠦ ᠳᠡᠶᠢᠯᠭᠦ ᠦᠭᠡᠢ ᠪᠠᠶᠢᠵᠤ ᠮᠡᠳᠡᠨ᠎ᠡ ᠃ ᠲᠦᠭᠦᠬᠡᠢ ᠪᠠᠷ ᠢᠳᠡᠬᠦ ᠨᠢ ᠴᠠᠭᠠᠨ ᠯᠤᠤᠪᠠᠩ ᠤᠨ ᠳᠣᠲᠣᠷᠠᠬᠢ ᠬᠥᠮᠥᠨ ᠤ | ᠪᠡᠶ᠎ᠡ ᠳᠤ ᠠᠰᠢᠭᠲᠠᠢ ᠪᠦᠷᠢᠯᠳᠦᠭᠦᠨ ᠢ ᠨᠡᠩ ᠪᠦᠷᠢᠨ ᠪᠦᠲᠦᠨ ᠬᠠᠳᠠᠭᠠᠯᠠᠵᠤ ᠂ ᠪᠣᠯᠭᠤᠵᠤ ᠢᠳᠡᠬᠦ ᠨᠢ ᠡᠨᠡ ᠬᠦ ᠠᠰᠢᠭᠲᠠᠢ ᠪᠦᠷᠢᠯᠳᠦᠭᠦᠨ ᠢ ᠠᠯᠳᠠᠭᠳᠠᠭᠤᠯᠵᠤ | ᠮᠡᠳᠡᠳᠡᠭ ᠃ ᠭᠡᠬᠦ ᠳᠡᠭᠡᠨ ᠪᠤᠯᠭᠤᠪᠡᠯ ᠭᠤᠱᠤᠭᠤᠨ ᠠᠮᠲᠠ ᠶᠢ ᠨᠢ ᠠᠷᠢᠯᠭᠠᠳᠠᠭ ᠠᠴᠠ ᠥᠪᠡᠷ ᠥᠪᠡᠷ ᠤᠨ ᠪᠠᠶᠢᠳᠠᠯ ᠠᠴᠠ ᠡᠭᠦᠰᠴᠦ ᠢᠳᠡᠬᠦ ᠠᠷᠭ᠎ᠠ ᠪᠠᠨ | ᠰᠣᠩᠭᠤᠭᠠᠷᠠᠢ ᠃ | | | |