| ᠣᠶᠢᠷ᠎ᠠ ᠳᠤ ᠂ ᠲᠥᠷᠥ ᠶᠢᠨ ᠶᠠᠪᠤᠳᠠᠯ ᠤᠨ ᠬᠤᠷᠢᠶ᠎ᠠ ᠪᠠᠷ ᠵᠥᠪᠰᠢᠶᠡᠷᠡᠭᠦᠯᠦᠭᠡᠳ ᠂ ᠡᠳ᠋ ᠤᠨ ᠵᠠᠰᠠᠭ ᠤᠨ ᠶᠠᠮᠤᠨ ᠂ ᠰᠤᠷᠭᠠᠨ ᠬᠥᠮᠦᠵᠢᠯ ᠤᠨ ᠶᠠᠮᠤᠨ ᠂ ᠳᠤᠮᠳᠠᠳᠤ | ᠤᠯᠤᠰ ᠤᠨ ᠠᠷᠠᠳ ᠤᠨ ᠪᠠᠩᠬᠢ ᠂ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠶᠡᠷᠦᠩᠬᠡᠢ ᠲᠣᠪᠴᠢᠶ᠎ᠠ ᠬᠤᠯᠪᠣᠭᠠᠯᠠᠨ ︽ 2024 ᠣᠨ ᠤ ᠤᠯᠤᠰ ᠤᠨ | ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢᠨ ᠬᠦᠦ ᠮᠥᠩᠭᠦ ᠶᠢ ᠬᠡᠯᠲᠦᠷᠢᠭᠦᠯᠬᠦ ᠵᠢᠴᠢ ᠡᠬᠡ ᠮᠥᠩᠭᠦ ᠶᠢ ᠬᠤᠶᠢᠰᠢᠯᠠᠭᠤᠯᠤᠨ ᠲᠥᠯᠥᠬᠦ ᠠᠵᠢᠯ ᠢ ᠰᠠᠶᠢᠲᠤᠷ ᠬᠢᠬᠦ | ᠲᠤᠬᠠᠢ ᠮᠡᠳᠡᠭᠳᠡᠯ ︾ ︵ ᠡᠳ᠋ ᠰᠤᠷᠭᠠᠨ ︹2024︺ 2 ᠳ᠋ᠤᠭᠠᠷ ᠲᠣᠭᠠᠲᠤ ᠂ ᠳᠣᠷᠣᠭᠰᠢ ︽ ᠮᠡᠳᠡᠭᠳᠡᠯ ︾ ᠭᠡᠵᠦ ᠲᠣᠪᠴᠢᠯᠠᠪᠠ ︶ ᠢ ᠳᠠᠷᠤᠮᠠᠯᠯᠠᠨ ᠲᠠᠷᠬᠠᠭᠠᠪᠠ ᠃ | ᠡᠳᠦᠭᠡ ᠳᠠᠷᠠᠭᠠᠬᠢ ᠮᠡᠲᠦ ᠲᠠᠶᠢᠯᠤᠮᠵᠢ ᠬᠢᠪᠡ ᠄ | 1. ︽ ᠮᠡᠳᠡᠭᠳᠡᠯ ︾ ᠢ ᠨᠡᠶᠢᠲᠡᠯᠡᠭᠰᠡᠨ ᠠᠬᠤᠢ ᠪᠠᠶᠢᠳᠠᠯ ᠪᠠ ᠠᠴᠢ ᠬᠤᠯᠪᠣᠭᠳᠠᠯ ᠨᠢ ᠶᠠᠭᠤ ᠪᠤᠢ ︖ | ᠬᠠᠷᠢᠭᠤᠯᠲᠠ ᠄ ᠲᠥᠷᠥ ᠶᠢᠨ ᠶᠠᠪᠤᠳᠠᠯ ᠤᠨ ᠬᠤᠷᠢᠶᠠᠨ ᠤ ᠪᠠᠶᠢᠩᠭᠤ ᠶᠢᠨ ᠬᠤᠷᠠᠯ ᠤᠨ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠲᠤᠭᠤᠰᠢᠯᠠᠭᠤᠯᠤᠨ | ᠨᠠᠶᠢᠳᠠᠪᠤᠷᠢᠵᠢᠭᠤᠯᠬᠤ ᠶᠢᠨ ᠲᠥᠯᠥᠭᠡ ᠂ ᠡᠳ᠋ ᠤᠨ ᠵᠠᠰᠠᠭ ᠤᠨ ᠶᠠᠮᠤᠨ ᠂ ᠰᠤᠷᠭᠠᠨ ᠬᠥᠮᠦᠵᠢᠯ ᠤᠨ ᠶᠠᠮᠤᠨ ᠂ ᠳᠤᠮᠳᠠᠳᠤ ᠤᠯᠤᠰ ᠤᠨ ᠠᠷᠠᠳ ᠤᠨ ᠪᠠᠩᠬᠢ ᠂ ᠮᠥᠩᠭᠦᠨ | ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠶᠡᠷᠦᠩᠬᠡᠢ ᠲᠣᠪᠴᠢᠶ᠎ᠠ ᠬᠢᠨᠠᠮᠠᠭᠠᠢ ᠰᠤᠳᠤᠯᠵᠤ ᠂ ᠲᠥᠷᠥ ᠶᠢᠨ ᠶᠠᠪᠤᠳᠠᠯ ᠤᠨ ᠬᠤᠷᠢᠶᠠᠨ ᠳᠤ ᠮᠡᠳᠡᠭᠦᠯᠦᠨ | ᠵᠥᠪᠰᠢᠶᠡᠷᠡᠭᠦᠯᠦᠭᠡᠳ ᠂ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢᠨ ᠬᠦᠦ ᠮᠥᠩᠭᠦ ᠶᠢ ᠬᠡᠯᠲᠦᠷᠢᠭᠦᠯᠬᠦ ᠵᠢᠴᠢ ᠡᠬᠡ ᠮᠥᠩᠭᠦ ᠶᠢ ᠬᠤᠶᠢᠰᠢᠯᠠᠭᠤᠯᠤᠨ | ᠲᠥᠯᠥᠬᠦ ᠲᠥᠷᠥ ᠶᠢᠨ ᠪᠣᠳᠣᠯᠭ᠎ᠠ ᠶᠢ 2024 ᠣᠨ ᠳᠤ ᠦᠷᠭᠦᠯᠵᠢᠯᠡᠭᠦᠯᠦᠨ ᠬᠡᠷᠡᠭᠵᠢᠭᠦᠯᠬᠦ ᠪᠠᠷ ᠲᠣᠭᠲᠠᠪᠠ ᠃ | ᠲᠣᠰ ᠤᠳᠠᠭᠠᠨ ᠤ ᠠᠷᠭ᠎ᠠ ᠬᠡᠮᠵᠢᠶ᠎ᠡ ᠶᠢ ᠨᠡᠶᠢᠲᠡᠯᠡᠭᠰᠡᠨ ᠨᠢ ᠂ ᠵᠢᠱᠢᠯᠲᠡ ᠪᠠᠷ 24.4 ᠳ᠋ᠦᠩᠰᠢᠭᠤᠷ ᠲᠥᠭᠦᠷᠢᠭ ᠤᠨ ᠬᠦᠦ ᠮᠥᠩᠭᠦ ᠶᠢ ᠬᠠᠰᠤᠨ ᠬᠡᠯᠲᠦᠷᠢᠭᠦᠯᠵᠦ ᠂ | ᠪᠠᠷᠤᠭ 550 ᠲᠦᠮᠡᠨ ᠶᠡᠭᠡ ᠳᠡᠭᠡᠳᠦ ᠰᠤᠷᠭᠠᠭᠤᠯᠢ ᠲᠡᠭᠦᠰᠦᠭᠰᠡᠳ ᠲᠤ ᠠᠰᠢᠭ ᠬᠦᠷᠲᠡᠭᠡᠨ᠎ᠡ ᠂ ᠡᠨᠡ ᠨᠢ ᠵᠢᠭᠡᠯᠡᠯᠭᠡ ᠵᠢᠭᠡᠯᠡᠭᠰᠡᠨ ᠰᠤᠷᠤᠭᠴᠢᠳ ᠤᠨ ᠠᠵᠤ | ᠠᠬᠤᠢ ᠶᠢᠨ ᠳᠠᠷᠤᠭᠠᠰᠤ ᠪᠠ ᠠᠵᠢᠯ ᠣᠯᠬᠤ ᠳᠠᠷᠤᠭᠠᠰᠤ ᠶᠢ ᠬᠥᠩᠭᠡᠷᠡᠭᠦᠯᠵᠦ ᠂ ᠰᠤᠷᠤᠭᠴᠢᠳ ᠢ ᠬᠠᠪᠰᠤᠷᠤᠨ ᠬᠤᠪᠢ ᠬᠥᠮᠥᠨ ᠤ ᠢᠲᠡᠭᠡᠮᠵᠢ ᠶᠢᠨ ᠲᠡᠮᠳᠡᠭᠯᠡᠯ ᠢ ᠨᠢ | ᠬᠠᠮᠠᠭᠠᠯᠠᠵᠤ ᠂ ᠲᠡᠳᠡᠨ ᠤ ᠤᠷᠤᠭᠰᠢᠲᠠᠢ ᠪᠠᠷ ᠠᠵᠢᠯ ᠣᠯᠬᠤ ᠶᠢ ᠠᠬᠢᠭᠤᠯᠬᠤ ᠳᠤ ᠠᠰᠢᠭᠲᠠᠢ ᠶᠤᠮ ᠃ | 2. ᠲᠣᠰ ᠤᠳᠠᠭᠠᠨ ᠤ ᠬᠦᠦ ᠮᠥᠩᠭᠦ ᠶᠢ ᠬᠡᠯᠲᠦᠷᠢᠭᠦᠯᠬᠦ ᠪᠠ ᠡᠬᠡ ᠮᠥᠩᠭᠦ ᠶᠢ ᠬᠤᠶᠢᠰᠢᠯᠠᠭᠤᠯᠤᠨ ᠲᠥᠯᠥᠬᠦ ᠡᠲᠡᠭᠡᠳ ᠨᠢ ᠬᠡᠨ ᠪᠣᠶ ︖ | ᠬᠠᠷᠢᠭᠤᠯᠲᠠ ᠄ ᠲᠣᠰ ᠤᠳᠠᠭᠠᠨ ᠤ ᠬᠦᠦ ᠮᠥᠩᠭᠦ ᠶᠢ ᠬᠡᠯᠲᠦᠷᠢᠭᠦᠯᠬᠦ ᠪᠠ ᠡᠬᠡ ᠮᠥᠩᠭᠦ ᠶᠢ ᠬᠤᠶᠢᠰᠢᠯᠠᠭᠤᠯᠤᠨ ᠲᠥᠯᠥᠬᠦ ᠡᠲᠡᠭᠡᠳ ᠪᠣᠯ 2024 ᠣᠨ ᠵᠢᠴᠢ | ᠲᠡᠭᠦᠨ ᠠᠴᠠ ᠡᠮᠦᠨᠡᠬᠢ ᠵᠢᠯ ᠤᠳ ᠲᠤ ᠲᠡᠭᠦᠰᠦᠭᠰᠡᠨ ᠂ 2024 ᠣᠨ ᠳᠤ ᠡᠬᠡ ᠮᠥᠩᠭᠦ ᠪᠤᠶᠤ ᠬᠦᠦ ᠮᠥᠩᠭᠦ ᠪᠠᠨ ᠲᠥᠯᠥᠬᠦ ᠶᠣᠰᠣᠲᠠᠢ ᠵᠢᠭᠡᠯᠡᠯᠭᠡ ᠵᠢᠭᠡᠯᠡᠭᠰᠡᠨ | ᠰᠤᠷᠤᠭᠴᠢᠳ ᠪᠣᠯᠣᠨ᠎ᠠ ᠃ | ︽ ᠮᠡᠳᠡᠭᠳᠡᠯ ︾ ᠢ ᠳᠠᠷᠤᠮᠠᠯᠯᠠᠨ ᠲᠠᠷᠬᠠᠭᠠᠬᠤ ᠠᠴᠠ ᠡᠮᠦᠨ᠎ᠡ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠪᠠᠨ ᠨᠢᠭᠡᠨᠲᠡ ᠲᠦᠯᠦᠵᠦ | ᠳᠠᠭᠤᠰᠬᠠᠭᠰᠠᠨ ᠲᠡᠭᠦᠰᠬᠦ ᠰᠤᠷᠤᠭᠴᠢᠳ ᠲᠣᠰ ᠤᠳᠠᠭᠠᠨ ᠤ ᠲᠥᠷᠥ ᠶᠢᠨ ᠪᠣᠳᠣᠯᠭ᠎ᠠ ᠶᠢᠨ ᠲᠤᠰᠠᠯᠠᠮᠵᠢ ᠶᠢᠨ ᠬᠡᠪᠴᠢᠶᠡᠨ ᠳᠤ ᠪᠠᠭᠲᠠᠬᠤ ᠦᠭᠡᠢ ᠃ | 3. ᠲᠣᠰ ᠤᠳᠠᠭᠠᠨ ᠤ ᠬᠦᠦ ᠮᠥᠩᠭᠦ ᠶᠢ ᠬᠡᠯᠲᠦᠷᠢᠭᠦᠯᠬᠦ ᠬᠡᠪᠴᠢᠶ᠎ᠡ ᠶᠢ ᠬᠡᠷᠬᠢᠨ ᠲᠣᠭᠲᠠᠭᠠᠬᠤ ᠪᠣᠶ ︖ ᠭᠤᠶᠤᠴᠢᠯᠠᠬᠤ ᠴᠢᠬᠤᠯᠠᠲᠠᠢ ᠦᠦ ︖ | ᠬᠠᠷᠢᠭᠤᠯᠲᠠ ᠄ ᠲᠣᠰ ᠤᠳᠠᠭᠠᠨ ᠤ ᠬᠡᠯᠲᠦᠷᠢᠭᠦᠯᠦᠭᠰᠡᠨ ᠨᠢ 2024 ᠣᠨ ᠳᠤ ᠲᠥᠯᠥᠬᠦ ᠶᠣᠰᠣᠲᠠᠢ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ | ᠵᠢᠭᠡᠯᠡᠯᠭᠡ ᠶᠢᠨ ᠬᠦᠦ ᠮᠥᠩᠭᠦ ᠪᠣᠯᠣᠨ᠎ᠠ ᠂ ᠵᠢᠭᠡᠯᠡᠯᠭᠡ ᠵᠢᠭᠡᠯᠡᠭᠰᠡᠨ ᠰᠤᠷᠤᠭᠴᠢᠳ ᠭᠤᠶᠤᠴᠢᠯᠠᠬᠤ ᠴᠢᠬᠤᠯᠠ ᠦᠭᠡᠢ ᠂ ᠳᠠᠭᠠᠭᠠᠨ ᠭᠦᠢᠴᠡᠳᠬᠡᠬᠦ ᠪᠠᠩᠬᠢ ᠰᠢᠭᠤᠳ | ᠭᠦᠢᠴᠡᠳᠬᠡᠨ᠎ᠡ ᠃ | ᠨᠢᠭᠡ ᠳᠤ 2024 ᠣᠨ ᠳᠤ ᠰᠢᠨ᠎ᠡ ᠪᠠᠷ ᠲᠡᠭᠦᠰᠦᠭᠰᠡᠨ ᠵᠢᠭᠡᠯᠡᠯᠭᠡ ᠵᠢᠭᠡᠯᠡᠭᠰᠡᠨ ᠰᠤᠷᠤᠭᠴᠢᠳ ᠤᠨ ᠰᠤᠷᠭᠠᠭᠤᠯᠢ ᠳᠤ ᠪᠠᠶᠢᠬᠤ ᠬᠤᠭᠤᠴᠠᠭᠠᠨ ᠳᠠᠬᠢ | ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢᠨ ᠬᠦᠦ ᠮᠥᠩᠭᠦ ᠶᠢ ᠡᠳ᠋ ᠤᠨ ᠵᠠᠰᠠᠭ ᠠᠴᠠ ᠪᠥᠬᠦ ᠲᠤᠭ᠎ᠠ ᠪᠠᠷ ᠨᠢ ᠳᠠᠮ ᠬᠦᠦ ᠥᠭᠬᠦ ᠤᠴᠢᠷ ᠠᠴᠠ ᠂ | ᠲᠡᠭᠦᠰᠦᠭᠰᠡᠨ ᠬᠤᠶᠢᠨ᠎ᠠ ᠲᠥᠯᠥᠬᠦ ᠬᠤᠭᠤᠴᠠᠭᠠᠨ ᠳᠤ ᠣᠷᠣᠭᠰᠠᠨ ᠤ ᠳᠠᠷᠠᠭ᠎ᠠ ᠂ 2024 ᠣᠨ ᠳᠤ ᠬᠤᠪᠢ ᠬᠥᠮᠥᠨ ᠤ ᠲᠥᠯᠥᠬᠦ ᠶᠣᠰᠣᠲᠠᠢ ᠬᠦᠦ ᠮᠥᠩᠭᠦ ᠶᠢ ᠨᠢ | ᠬᠡᠯᠲᠦᠷᠢᠭᠦᠯᠦᠨ᠎ᠡ ᠃ | ᠬᠤᠶᠠᠷ ᠲᠤ ᠥᠩᠭᠡᠷᠡᠭᠰᠡᠨ ᠵᠢᠯ ᠤᠳ ᠲᠤ ᠲᠡᠭᠦᠰᠦᠭᠰᠡᠨ ᠵᠢᠭᠡᠯᠡᠯᠭᠡ ᠵᠢᠭᠡᠯᠡᠭᠰᠡᠨ ᠰᠤᠷᠤᠭᠴᠢᠳ ᠤᠨ 2024 ᠣᠨ ᠳᠤ ᠬᠤᠪᠢ ᠬᠥᠮᠥᠨ ᠤ ᠲᠥᠯᠥᠬᠦ | ᠶᠣᠰᠣᠲᠠᠢ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢᠨ ᠬᠦᠦ ᠮᠥᠩᠭᠦ ᠶᠢ ᠬᠡᠯᠲᠦᠷᠢᠭᠦᠯᠦᠨ᠎ᠡ ᠂ ᠡᠭᠦᠨ ᠳᠤ ᠥᠩᠭᠡᠷᠡᠭᠰᠡᠨ ᠵᠢᠯ ᠤᠳ ᠤᠨ | ᠬᠤᠭᠤᠴᠠᠭ᠎ᠠ ᠬᠡᠲᠦᠷᠡᠭᠰᠡᠨ ᠵᠢᠭᠡᠯᠡᠯᠭᠡ ᠶᠢᠨ 2024 ᠣᠨ ᠳᠤ ᠲᠦᠷᠦᠭᠰᠡᠨ ᠲᠣᠷᠭᠠᠭᠤᠯᠢ ᠶᠢᠨ ᠬᠦᠦ ᠮᠥᠩᠭᠦ ᠶᠢ ᠪᠠᠭᠲᠠᠭᠠᠨ᠎ᠠ ᠃ | 4. ᠥᠩᠭᠡᠷᠡᠭᠰᠡᠨ ᠵᠢᠯ ᠤᠳ ᠲᠤ ᠲᠡᠭᠦᠰᠦᠭᠰᠡᠨ ᠵᠢᠭᠡᠯᠡᠯᠭᠡ ᠵᠢᠭᠡᠯᠡᠭᠰᠡᠨ ᠰᠤᠷᠤᠭᠴᠢᠳ ᠬᠡᠷᠪᠡ ︽ ᠮᠡᠳᠡᠭᠳᠡᠯ ︾ ᠢ ᠳᠠᠷᠤᠮᠠᠯᠯᠠᠨ ᠲᠠᠷᠬᠠᠭᠠᠬᠤ ᠠᠴᠠ ᠡᠮᠦᠨ᠎ᠡ | 2024 ᠣᠨ ᠤ ᠬᠦᠦ ᠮᠥᠩᠭᠦ ᠪᠠᠨ ᠨᠢᠭᠡᠨᠲᠡ ᠲᠥᠯᠥᠭᠰᠡᠨ ᠪᠠᠶᠢᠪᠠᠯ ᠬᠡᠯᠲᠦᠷᠢᠭᠦᠯᠵᠦ ᠪᠣᠯᠣᠨ᠎ᠠ ᠦᠦ ︖ | ᠬᠠᠷᠢᠭᠤᠯᠲᠠ ᠄ ᠥᠩᠭᠡᠷᠡᠭᠰᠡᠨ ᠵᠢᠯ ᠤᠳ ᠤᠨ ᠲᠤ ᠲᠡᠭᠦᠰᠦᠭᠰᠡᠨ ᠵᠢᠭᠡᠯᠡᠯᠭᠡ ᠵᠢᠭᠡᠯᠡᠭᠰᠡᠨ ᠰᠤᠷᠤᠭᠴᠢᠳ ᠤᠨ ︽ ᠮᠡᠳᠡᠭᠳᠡᠯ ︾ ᠢ ᠳᠠᠷᠤᠮᠠᠯᠯᠠᠨ ᠲᠠᠷᠬᠠᠭᠠᠬᠤ ᠠᠴᠠ | ᠡᠮᠦᠨ᠎ᠡ ᠨᠢᠭᠡᠨᠲᠡ ᠲᠥᠯᠥᠭᠰᠡᠨ 2024 ᠣᠨ ᠤ ᠬᠦᠦ ᠮᠥᠩᠭᠦ ᠶᠢ ᠬᠤᠶᠠᠷ ᠵᠦᠢᠯ ᠤᠨ ᠪᠠᠶᠢᠳᠠᠯ ᠳᠤ ᠬᠤᠪᠢᠶᠠᠵᠤ ᠬᠡᠯᠲᠦᠷᠢᠭᠦᠯᠦᠨ᠎ᠡ ᠃ | ᠨᠢᠭᠡ ᠳᠤ ᠳᠠᠭᠠᠭᠠᠨ ᠭᠦᠢᠴᠡᠳᠬᠡᠬᠦ ᠪᠠᠩᠬᠢ ᠵᠣᠭᠤᠰ ᠰᠠᠭᠤᠯᠭᠠᠨ ᠬᠠᠰᠤᠭᠰᠠᠨ ᠦᠭᠡᠢ ᠪᠠᠶᠢᠪᠠᠯ ᠂ ᠵᠣᠬᠢᠬᠤ ᠪᠡᠯᠡ ᠮᠥᠩᠭᠦ ᠶᠢ ᠳᠠᠭᠢᠵᠤ ᠬᠠᠰᠤᠬᠤ ᠦᠭᠡᠢ ᠂ | ᠵᠢᠭᠡᠯᠡᠯᠭᠡ ᠵᠢᠭᠡᠯᠡᠭᠰᠡᠨ ᠰᠤᠷᠤᠭᠴᠢᠳ ᠥᠪᠡᠰᠦᠪᠡᠨ ᠬᠡᠷᠡᠭᠯᠡᠨ᠎ᠡ ᠃ | ᠬᠤᠶᠠᠷ ᠲᠤ ᠳᠠᠭᠠᠭᠠᠨ ᠭᠦᠢᠴᠡᠳᠬᠡᠬᠦ ᠪᠠᠩᠬᠢ ᠨᠢ ᠨᠢᠭᠡᠨᠲᠡ ᠰᠠᠭᠤᠯᠭᠠᠨ ᠬᠠᠰᠤᠭᠰᠠᠨ ᠪᠠᠶᠢᠪᠠᠯ ᠂ ᠨᠢᠭᠡᠨᠲᠡ ᠰᠠᠭᠤᠯᠭᠠᠨ ᠬᠤᠷᠢᠶᠠᠭᠰᠠᠨ ᠬᠡᠯᠲᠦᠷᠢᠭᠦᠯᠬᠦ ᠶᠣᠰᠣᠲᠠᠢ | ᠬᠦᠦ ᠮᠥᠩᠭᠦ ᠶᠢ ᠬᠤᠪᠢ ᠬᠥᠮᠥᠨ ᠤ ᠲᠠᠩᠰᠠᠨ ᠡᠷᠦᠭᠡ ᠳᠤ ᠨᠢ ᠪᠤᠴᠠᠭᠠᠨ᠎ᠠ ᠃ | 5. ︽ ᠮᠡᠳᠡᠭᠳᠡᠯ ︾ ᠳᠠᠬᠢ ︽ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢᠨ ᠳᠠᠮ ᠬᠦᠦ ᠶᠢᠨ ᠲᠥᠷᠥ ᠶᠢᠨ ᠪᠣᠳᠣᠯᠭ᠎ᠠ ᠪᠠᠷ ᠯᠠᠪᠯᠠᠯᠲᠠ | ᠪᠣᠯᠭᠠᠵᠤ ᠂ ᠬᠡᠯᠲᠦᠷᠢᠭᠦᠯᠦᠭᠰᠡᠨ ᠬᠦᠦ ᠮᠥᠩᠭᠦ ᠶᠢ ᠲᠥᠪ ᠤᠨ ᠡᠳ᠋ ᠤᠨ ᠵᠠᠰᠠᠭ ᠪᠠ ᠣᠷᠣᠨ ᠨᠤᠲᠤᠭ ᠤᠨ ᠡᠳ᠋ ᠤᠨ ᠵᠠᠰᠠᠭ ᠲᠤᠰ ᠲᠤᠰ ᠡᠭᠦᠷᠭᠡᠯᠡᠨ᠎ᠡ ︾ ᠭᠡᠳᠡᠭ ᠢ | ᠬᠡᠷᠬᠢᠨ ᠣᠶᠢᠯᠠᠭᠠᠬᠤ ᠪᠤᠶ ︖ | ᠬᠠᠷᠢᠭᠤᠯᠲᠠ ᠄ ᠣᠲᠣ ᠶᠢᠨ ᠬᠡᠷᠡᠭᠵᠢᠭᠦᠯᠵᠦ ᠪᠠᠶᠢᠭ᠎ᠠ ᠲᠥᠷᠥ ᠶᠢᠨ ᠪᠣᠳᠣᠯᠭ᠎ᠠ ᠶᠢ ᠦᠨᠳᠦᠰᠦᠯᠡᠪᠡᠯ ᠂ ᠰᠤᠷᠤᠭᠴᠢᠳ ᠤᠨ ᠰᠤᠷᠭᠠᠭᠤᠯᠢ ᠳᠤ ᠪᠠᠶᠢᠬᠤ | ᠬᠤᠭᠤᠴᠠᠭᠠᠨ ᠳᠠᠬᠢ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢᠨ ᠬᠦᠦ ᠮᠥᠩᠭᠦ ᠶᠢ ᠴᠥᠮ ᠡᠳ᠋ ᠤᠨ ᠵᠠᠰᠠᠭ ᠠᠴᠠ ᠨᠥᠬᠦᠪᠦᠷᠢᠯᠡᠵᠦ ᠂ ᠳᠠᠮ | ᠬᠦᠦ ᠶᠢᠨ ᠪᠡᠯᠡ ᠮᠥᠩᠭᠦ ᠶᠢ ᠲᠥᠪ ᠤᠨ ᠡᠳ᠋ ᠤᠨ ᠵᠠᠰᠠᠭ ᠪᠠ ᠣᠷᠣᠨ ᠨᠤᠲᠤᠭ ᠤᠨ ᠡᠳ᠋ ᠤᠨ ᠵᠠᠰᠠᠭ ᠲᠣᠰ ᠲᠣᠰ ᠡᠭᠦᠷᠭᠡᠯᠡᠨ᠎ᠡ ᠃ ᠲᠣᠰ ᠤᠳᠠᠭᠠᠨ ᠤ ᠬᠦᠦ | ᠮᠥᠩᠭᠦ ᠶᠢ ᠬᠡᠯᠲᠦᠷᠢᠭᠦᠯᠬᠦ ᠳᠤ ᠳᠠᠮ ᠬᠦᠦ ᠶᠢᠨ ᠲᠥᠷᠥ ᠶᠢᠨ ᠪᠣᠳᠣᠯᠭ᠎ᠠ ᠶᠢ ᠯᠠᠪᠯᠠᠯᠲᠠ ᠪᠣᠯᠭᠠᠨ ᠬᠡᠷᠡᠭᠵᠢᠭᠦᠯᠦᠨ᠎ᠡ ᠃ | ᠪᠣᠳᠠᠲᠠᠢ ᠲᠣᠬᠢᠷᠠᠭᠤᠯᠤᠯᠲᠠ ᠶᠢᠨ ᠠᠷᠭ᠎ᠠ ᠮᠠᠶ᠋ᠢᠭ ᠄ ᠬᠦᠦ ᠮᠥᠩᠭᠦ ᠶᠢ ᠬᠡᠯᠲᠦᠷᠢᠭᠦᠯᠬᠦ ᠳᠤ ᠬᠡᠷᠡᠭᠰᠡᠬᠦ ᠪᠡᠯᠡ ᠮᠥᠩᠭᠦ ᠶᠢ ᠮᠤᠵᠢ ︵ ᠥᠪᠡᠷᠲᠡᠭᠡᠨ ᠵᠠᠰᠠᠬᠤ ᠣᠷᠣᠨ ᠂ | ᠰᠢᠭᠤᠳ ᠬᠠᠷᠢᠶ᠎ᠠ ᠬᠤᠲᠠ ᠂ ᠲᠥᠯᠥᠪᠯᠡᠭᠡ ᠳᠤ ᠲᠤᠰᠠᠭᠠᠷ ᠵᠢᠭᠰᠠᠭᠠᠭᠰᠠᠨ ᠬᠤᠲᠠ ︶ ᠪᠠᠷ ᠨᠢᠭᠡᠴᠢ ᠪᠣᠯᠭᠠᠵᠤ ᠂ ᠲᠥᠪ ᠤᠨ ᠡᠳ᠋ ᠤᠨ ᠵᠠᠰᠠᠭ ᠪᠠ ᠣᠷᠣᠨ | ᠨᠤᠲᠤᠭ ᠤᠨ ᠡᠳ᠋ ᠤᠨ ᠵᠠᠰᠠᠭ ᠠᠴᠠ ᠨᠢᠭᠡᠨᠲᠡ ᠳᠠᠭᠠᠭᠠᠨ ᠭᠦᠢᠴᠡᠳᠬᠡᠬᠦ ᠪᠠᠩᠬᠢ ᠳᠤ ᠰᠠᠯᠭᠠᠨ ᠥᠭᠭᠦᠭᠰᠡᠨ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ | ᠵᠢᠭᠡᠯᠡᠯᠭᠡ ᠶᠢᠨ ᠲᠦᠭᠰᠢᠭᠦᠷᠢ ᠶᠢᠨ ᠨᠥᠬᠦᠪᠦᠷᠢ ᠮᠥᠩᠭᠦᠨ ᠤ ᠬᠡᠷᠡᠭᠯᠡᠵᠦ ᠪᠣᠯᠬᠤ ᠦᠯᠡᠳᠡᠭᠡᠯ ᠪᠡᠯᠡ ᠮᠥᠩᠭᠦ ᠠᠴᠠ ᠲᠥᠯᠥᠵᠦ ᠪᠣᠯᠣᠨ᠎ᠠ ᠃ ᠬᠦᠷᠦᠯᠴᠡᠬᠦ ᠦᠭᠡᠢ ᠬᠡᠰᠡᠭ | ᠪᠤᠶᠤ ᠦᠯᠡᠳᠡᠭᠡᠯ ᠪᠡᠯᠡ ᠮᠥᠩᠭᠦ ᠪᠠᠶᠢᠬᠤ ᠦᠭᠡᠢ ᠮᠤᠵᠢ ᠣᠷᠣᠨ ᠤ ᠬᠡᠷᠡᠭᠰᠡᠬᠦ ᠪᠡᠯᠡ ᠮᠥᠩᠭᠦ ᠶᠢ ᠲᠥᠪ ᠤᠨ ᠡᠳ᠋ ᠤᠨ ᠵᠠᠰᠠᠭ ᠪᠠ ᠣᠷᠣᠨ ᠨᠤᠲᠤᠭ ᠤᠨ ᠡᠳ᠋ ᠤᠨ | ᠵᠠᠰᠠᠭ ᠲᠣᠰ ᠲᠣᠰ 2024 ᠣᠨ ᠤ ᠲᠥᠰᠥᠪ ᠲᠤ ᠪᠠᠨ ᠲᠣᠬᠢᠷᠠᠭᠤᠯᠤᠨ᠎ᠠ ᠃ | 6. 2024 ᠣᠨ ᠳᠤ ᠲᠥᠯᠥᠬᠦ ᠶᠣᠰᠣᠲᠠᠢ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢᠨ ᠡᠬᠡ ᠮᠥᠩᠭᠦ ᠶᠢ ᠨᠢᠭᠡ ᠵᠢᠯ ᠬᠤᠶᠢᠰᠢᠯᠠᠭᠤᠯᠤᠨ | ᠲᠥᠯᠥᠬᠦ ᠪᠠᠷ ᠭᠤᠶᠤᠴᠢᠯᠠᠵᠤ ᠪᠣᠯᠣᠨ᠎ᠠ ᠂ ᠬᠡᠷᠬᠢᠨ ᠭᠦᠢᠴᠡᠳᠬᠡᠬᠦ ᠪᠤᠶ ︖ | ᠬᠠᠷᠢᠭᠤᠯᠲᠠ ᠄ ᠨᠢᠭᠡ ᠳᠤ ᠡᠬᠡ ᠮᠥᠩᠭᠦ ᠪᠤᠴᠠᠭᠠᠬᠤ ᠬᠤᠭᠤᠴᠠᠭ᠎ᠠ ᠪᠠᠨ ᠤᠷᠲᠤᠳᠬᠠᠭᠰᠠᠨ ᠵᠢᠭᠡᠯᠡᠯᠭᠡ ᠵᠢᠭᠡᠯᠡᠭᠰᠡᠨ ᠰᠤᠷᠤᠭᠴᠢᠳ 2024 ᠣᠨ ᠳᠤ | ᠵᠢᠭᠡᠯᠡᠯᠭᠡ ᠶᠢᠨ ᠡᠬᠡ ᠮᠥᠩᠭᠦ ᠪᠠᠨ ᠲᠦᠯᠦᠬᠦ ᠴᠢᠬᠤᠯᠠ ᠦᠭᠡᠢ ᠪᠣᠯᠬᠤᠷ ᠵᠢᠭᠡᠯᠡᠯᠭᠡ ᠶᠢᠨ ᠡᠬᠡ ᠮᠥᠩᠭᠦ ᠪᠠᠨ ᠬᠤᠶᠢᠰᠢᠯᠠᠭᠤᠯᠤᠨ ᠲᠦᠯᠦᠬᠦ ᠪᠠᠷ ᠭᠤᠶᠤᠴᠢᠯᠠᠬᠤ | ᠴᠢᠬᠤᠯᠠ ᠦᠭᠡᠢ ᠃ | ᠬᠤᠶᠠᠷ ᠲᠤ ᠵᠢᠭᠡᠯᠡᠯᠭᠡ ᠶᠢᠨ ᠡᠬᠡ ᠮᠥᠩᠭᠦ ᠶᠢ ᠪᠤᠴᠠᠭᠠᠬᠤ ᠬᠤᠭᠤᠴᠠᠭᠠᠨ ᠳᠤ ᠪᠠᠶᠢᠭ᠎ᠠ ᠵᠢᠭᠡᠯᠡᠯᠭᠡ ᠵᠢᠭᠡᠯᠡᠭᠰᠡᠨ ᠰᠤᠷᠤᠭᠴᠢᠳ ᠥᠪᠡᠷᠲᠡᠭᠡᠨ ᠭᠤᠶᠤᠴᠢᠯᠠᠬᠤ ᠶᠢᠨ | ᠬᠠᠮᠲᠤ ᠳᠠᠭᠠᠭᠠᠨ ᠭᠦᠢᠴᠡᠳᠬᠡᠬᠦ ᠪᠠᠩᠬᠢ ᠶᠢᠨ ᠱᠠᠭᠠᠷᠳᠠᠯᠭ᠎ᠠ ᠶᠣᠰᠣᠭᠠᠷ ᠬᠠᠮᠢᠶ᠎ᠠ ᠪᠦᠬᠦᠢ ᠭᠠᠷᠳᠠᠮ ᠢ ᠭᠦᠢᠴᠡᠳᠬᠡᠪᠡᠯ ᠂ 2024 ᠣᠨ ᠤ ᠵᠢᠭᠡᠯᠡᠯᠭᠡ ᠶᠢᠨ ᠡᠬᠡ | ᠮᠥᠩᠭᠦ ᠪᠠᠨ 1 ᠵᠢᠯ ᠬᠤᠶᠢᠰᠢᠯᠠᠭᠤᠯᠤᠨ ᠲᠥᠯᠥᠵᠦ ᠪᠣᠯᠣᠨ᠎ᠠ ᠂ ᠬᠤᠭᠤᠴᠠᠭ᠎ᠠ ᠶᠢ ᠤᠷᠲᠤᠳᠬᠠᠭᠰᠠᠨ ᠵᠢᠭᠡᠯᠡᠯᠭᠡ ᠳᠤ ᠲᠣᠷᠭᠠᠭᠤᠯᠢ ᠶᠢᠨ ᠬᠦᠦ ᠮᠥᠩᠭᠦ ᠪᠠ ᠳᠠᠪᠬᠤᠷ | ᠬᠦᠦ ᠮᠥᠩᠭᠦ ᠪᠤᠳᠤᠬᠤ ᠦᠭᠡᠢ ᠂ ᠬᠠᠮᠤᠭ ᠤᠨ ᠣᠷᠳᠣ ᠵᠢᠭᠡᠯᠡᠯᠭᠡ ᠶᠢᠨ ᠬᠤᠭᠤᠴᠠᠭ᠎ᠠ ᠶᠢᠨ ᠲᠥᠷᠥ ᠶᠢᠨ ᠪᠣᠳᠣᠯᠭ᠎ᠠ ᠬᠤᠪᠢᠷᠠᠬᠤ ᠦᠭᠡᠢ ᠃ ᠲᠤᠰ ᠬᠥᠮᠥᠨ | ᠭᠤᠶᠤᠴᠢᠯᠠᠯ ᠳᠡᠪᠰᠢᠭᠦᠯᠦᠭᠰᠡᠨ ᠦᠭᠡᠢ ᠪᠠᠶᠢᠪᠠᠯ ᠂ ᠤᠤᠯ ᠤᠨ ᠭᠡᠷ᠎ᠡ ᠳᠤ ᠪᠣᠯᠵᠣᠨ ᠲᠣᠭᠲᠠᠭᠰᠠᠨ ᠶᠣᠰᠣᠭᠠᠷ ᠵᠢᠭᠡᠯᠡᠯᠭᠡ ᠶᠢᠨ ᠡᠬᠡ ᠮᠥᠩᠭᠦ ᠶᠢ ᠪᠤᠴᠠᠭᠠᠨ᠎ᠠ ᠭᠡᠵᠦ | ᠳᠤᠭᠤᠢ ᠮᠡᠳᠡᠷᠡᠨ᠎ᠡ ᠃ | ᠭᠤᠷᠪᠠ ᠳᠤ ᠂ ︽ ᠮᠡᠳᠡᠭᠳᠡᠯ ︾ ᠢ ᠳᠠᠷᠤᠮᠠᠯᠯᠠᠨ ᠲᠠᠷᠬᠠᠭᠠᠬᠤ ᠠᠴᠠ ᠡᠮᠦᠨ᠎ᠡ ᠂ ᠵᠢᠭᠡᠯᠡᠯᠭᠡ ᠵᠢᠭᠡᠯᠡᠭᠰᠡᠨ ᠰᠤᠷᠤᠭᠴᠢᠳ ᠤᠨ ᠨᠢᠭᠡᠨᠲᠡ ᠨᠢᠭᠡ ᠬᠡᠰᠡᠭ ᠪᠤᠶᠤ ᠪᠦᠬᠦ | ᠡᠬᠡ ᠮᠥᠩᠭᠦ ᠶᠢ ᠲᠦᠯᠦᠭᠰᠡᠨ ᠪᠠᠶᠢᠪᠠᠯ ᠬᠤᠶᠢᠰᠢᠯᠠᠭᠤᠯᠤᠨ ᠲᠥᠯᠥᠬᠦ ᠪᠠᠷ ᠳᠠᠭᠢᠵᠤ ᠭᠤᠶᠤᠴᠢᠯᠠᠵᠤ ᠪᠣᠯᠬᠤ ᠦᠭᠡᠢ ᠃ | ᠬᠠᠮᠢᠶ᠎ᠠ ᠪᠦᠬᠦᠢ ᠭᠤᠶᠤᠴᠢᠯᠠᠬᠤ ᠠᠷᠭ᠎ᠠ ᠵᠠᠮ ᠢ ᠡᠯ᠎ᠡ ᠳᠠᠭᠠᠭᠠᠨ ᠭᠦᠢᠴᠡᠳᠬᠡᠬᠦ ᠪᠠᠩᠬᠢ ᠠᠴᠠ ᠬᠠᠷᠢᠭᠤᠴᠠᠨ ᠨᠡᠪᠲᠡᠷᠡᠭᠦᠯᠦᠨ᠎ᠡ ᠂ ᠵᠢᠭᠡᠯᠡᠯᠭᠡ ᠵᠢᠭᠡᠯᠡᠭᠰᠡᠨ | ᠰᠤᠷᠤᠭᠴᠢᠳ ᠴᠠᠭ ᠲᠤᠬᠠᠢ ᠳᠤ ᠨᠢ ᠠᠩᠬᠠᠷᠤᠯ ᠳᠤ ᠪᠠᠨ ᠠᠪᠤᠭᠠᠷᠠᠢ ᠃ | | | |