| ᠤᠷᠢᠳᠦ ᠲᠠᠯ᠎ᠠ ᠶᠢᠨ ᠭᠠᠵᠠᠷ ᠴᠢᠨᠢ | ᠡᠦ ᠶᠤᠸᠠᠨ ᠲᠢᠩ ᠤᠨ ᠲᠠᠩᠰᠠᠨ ᠳᠤ ᠃ | ᠬᠦᠭᠡ ᠪᠤᠭᠤᠷᠤᠯ ᠰᠠᠬᠠᠯ ᠲᠠᠢ ᠯᠡ ᠶᠤᠮ | ᠲᠦᠮᠡᠨ ᠠᠮᠢᠳᠠᠨ ᠳᠠᠭᠠᠨ ᠬᠠᠶᠢᠷᠠᠳᠠᠢ ᠯᠡ ᠶᠤᠮ ᠃ | ᠴᠡᠩᠭᠡᠷ ᠬᠠᠶᠢᠯᠠᠩ ᠴᠡᠮᠴᠡ ᠲᠠᠢ ᠯᠡ ᠶᠤᠮ | ᠴᠢᠩᠬᠢᠰ ᠶᠤ᠋ ᠪᠤᠭᠳᠠ ᠶᠢᠨ ᠬᠤᠪᠢᠯᠭᠠᠨ ᠯᠡ ᠶᠤᠮ ᠃ | ᠬᠦᠭᠡ ᠲᠤᠭᠤᠰᠬᠠᠨ ᠪᠠᠶᠢᠰᠢᠩ ᠴᠢᠨᠢ | ᠬᠦᠭᠡᠬᠤᠳᠠ ᠶᠢᠨ ᠮᠠᠶ᠋ᠢᠭ ᠲᠠᠢ ᠯᠡ ᠶᠤᠮ ᠃ | ᠦᠶ᠎ᠠ ᠶᠢᠨ ᠪᠠᠭ᠎ᠠ ᠡᠯ ᠲᠠᠶᠢᠵᠢ | ᠦᠯᠢᠭᠡᠷ ᠢ ᠨᠢ ᠰᠤᠨᠤᠰᠤᠭᠠᠳ ᠤᠶᠠᠷᠠᠵᠤ ᠯᠡ ᠪᠠᠶᠢᠨ᠎ᠠ ᠃ | ① ᠬᠤᠯᠤᠰᠤᠳᠠᠢ ᠶᠢᠨ ᠵᠡᠬᠦᠨ ᠨᠤᠶᠠᠨ — ᠵᠡᠬᠦᠨᠭᠠᠷ ᠬᠤᠰᠢᠭᠤᠨ ᠤ ᠵᠡᠬᠦᠨ ᠲᠤᠰᠠᠯᠠᠭᠴᠢ ᠲᠠᠮᠫᠢᠯ ᠭᠠᠵᠠᠷ ᠲᠠᠯᠪᠢᠬᠤ ᠶᠢ ᠡᠰᠡᠷᠬᠦᠴᠡᠵᠤ ᠂ ᠢ ᠬᠦᠸᠧ | ᠵᠠᠩᠵᠤᠨ ᠳᠤ ᠠᠯᠠᠭᠳᠠᠵᠠᠢ ᠂ ᠲᠤᠰ ᠲᠠᠭᠤᠤ ᠪᠤᠯ ᠬᠦᠮᠦᠰ ᠲᠡᠬᠦᠨ ᠢ ᠮᠠᠭᠳᠠᠨ ᠲᠠᠭᠤᠯᠠᠭᠰᠠᠨ ᠲᠠᠭᠤᠤ ᠪᠤᠯᠤᠨ᠎ᠠ ᠃ | ᠲᠠᠭᠤᠯᠠᠭᠴᠢ ᠄ ᠰᠠᠶᠢᠨᠵᠢᠶᠠᠭᠠ | ᠰᠢᠩᠭᠡᠭᠡᠭᠴᠢ ᠄ ᠬᠠᠰ | ᠰᠢᠩᠭᠡᠭᠡᠭᠰᠡᠨ ᠴᠠᠭ ᠄ 2010 ᠤᠨ ᠤ 12 ᠰᠠᠷ᠎ᠠ | | |