| ᠨᠡᠷ᠎ᠠ ᠶᠢ ᠮᠢᠨᠢ ᠠᠰᠠᠭᠤᠶ᠎ᠠ ᠬᠦᠨ ② ᠰᠡᠩᠭᠡᠷᠢᠨᠴᠢᠨ ᠸᠠᠩ | ᠨᠠᠰᠤ ᠶᠢ ᠮᠢᠨᠢ ᠰᠤᠨᠤᠰᠤᠶ᠎ᠠ ᠬᠦᠨ ᠲᠠᠪᠢ ᠭᠠᠷᠴᠠᠢ ᠳ᠋ᠠ ᠃ | ᠪᠠᠳᠤ ᠶᠤ᠋ ᠰᠠᠶᠢᠬᠠᠨ ᠵᠠᠷᠯᠢᠬ ᠪᠠᠶᠢᠭ᠎ᠠ ᠰᠢᠦ ᠳ᠋ᠤᠤ | ᠪᠠᠷᠠᠭᠤᠨ ᠶᠤ᠋ ᠪᠡᠭᠡᠵᠢᠩ ᠳᠤ ᠨᠤᠳᠤᠭ ᠲᠠᠢ ᠃ | ᠤᠯᠠᠭᠠᠨ ᠶᠤ᠋ ᠭᠤᠤᠯ ᠤᠨ ᠤᠰᠤ ᠶᠢ ᠴᠢᠨᠢ | ᠤᠤᠭᠤᠬᠤ ᠮᠡᠳᠦ ᠪᠠᠷ ᠰᠠᠨᠠᠶ᠎ᠠ ᠳ᠋ᠤᠤ ᠃ | ᠰᠢᠷᠬᠢᠰᠢ ᠦᠭᠡᠢ ᠲᠠᠯᠠᠢ ᠪᠠᠶᠢᠨ᠎ᠠ ᠰᠢᠦ ᠳ᠋ᠤᠤ | ᠰᠢᠯᠵᠢᠰᠢ ᠦᠭᠡᠢ ᠰᠢᠷᠡᠭᠡ ᠪᠠᠶᠢᠨ᠎ᠠ ᠰᠢᠦ ᠳ᠋ᠤᠤ ᠃ | ᠪᠠᠷᠠᠭᠤᠨ ᠪᠡᠶ᠎ᠠ ᠪᠠᠷ ᠵᠠᠯᠠᠷᠬᠠᠴᠢ ᠪᠠᠨᠴᠢᠨ ᠲᠠᠯᠠᠢ ᠯᠠᠮᠠ | ᠪᠠᠭ᠎ᠠ ᠡᠭᠡ ᠶᠢ ᠰᠢᠳᠭᠡᠨ ᠰᠠᠭᠤᠭᠴᠢ ᠠᠮᠪᠠᠰ ᠨᠤᠶᠠᠳ ᠪᠤᠢ ᠃ | ᠵᠡᠬᠦᠨ ᠪᠡᠶ᠎ᠠ ᠪᠠᠷ ᠵᠠᠯᠠᠷᠠᠭᠴᠢ ᠵᠠᠨᠵᠠ ᠭᠡᠭᠡᠨ ᠪᠤᠢ | ᠵᠦᠪ ᠪᠤᠷᠤᠭᠤ ᠶᠢ ᠰᠢᠳᠭᠡᠨ ᠰᠠᠭᠤᠭᠴᠢ ᠵᠠᠩᠵᠤᠨ ᠨᠤᠶᠠᠳ ᠪᠤᠢ ᠃ | ᠬᠤᠶᠢᠳᠦ ᠪᠡᠶ᠎ᠠ ᠪᠠᠷ ᠵᠠᠯᠠᠷᠠᠭᠴᠢ ᠳᠦᠩᠬᠡᠷ ᠭᠡᠭᠡᠨ ᠪᠤᠢ | ᠬᠤᠯᠠ ᠤᠶᠢᠷ᠎ᠠ ᠶᠢ ᠰᠢᠳᠭᠡᠨ ᠰᠠᠭᠤᠭᠴᠢ ᠬᠤᠸᠠᠮᠰᠢᠨ ᠪᠤᠳᠢᠰᠪ᠊ ᠠ᠋ | ᠤᠷᠢᠳᠦ ᠪᠡᠶ᠎ᠠ ᠪᠠᠷ ᠵᠠᠯᠠᠷᠠᠭᠴᠢ ᠦᠨᠳᠦᠷ ᠭᠡᠭᠡᠨ ᠪᠤᠢ | ᠦᠨᠡᠨ ᠬᠤᠳᠠᠯ ᠢ ᠰᠢᠳᠭᠡᠨ ᠰᠠᠭᠤᠭᠴᠢ ᠡᠷᠯᠢᠭ ᠨᠤᠮᠤᠨ ᠬᠠᠭᠠᠨ ᠃ | ① ᠰᠡᠩᠭᠡᠷᠢᠨᠴᠢᠨ ᠸᠠᠩ — ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ︵ ᠪᠦᠸᠧ ᠸᠠᠩ ᠬᠤᠰᠢᠭᠤ ︶ ᠤ ᠬᠦᠮᠦᠨ ᠂ ᠵᠠᠰᠠᠭ ᠲᠦᠷᠦ ᠭᠡᠷᠡᠯᠳᠦ ᠶᠢᠨ | ᠲᠠᠪᠤᠳᠤᠭᠠᠷ ᠤᠨ ︵ 1825 ︶ ᠲᠤ ᠭᠡᠷᠭᠡᠮ ᠵᠠᠯᠭᠠᠮᠵᠢᠯᠠᠪᠠ ᠃ ᠲᠦᠭᠡᠮᠡᠯ ᠡᠯᠪᠡᠭᠳᠦ ᠶᠢᠨ ᠲᠦᠷᠪᠡᠳᠦᠭᠡᠷ ᠤᠨ ︵ 1854 ︶ ᠲᠤ ᠭᠡᠷᠭᠡᠮ ᠨᠢ ᠲᠡᠭᠡᠭᠰᠢ ᠲᠠᠪᠰᠢᠵᠦ | ᠴᠢᠨ ᠸᠠᠩ ᠤᠨ ᠭᠡᠷᠭᠡᠮ ᠬᠦᠷᠳᠡᠭᠡᠳ ᠪᠠᠰᠠ ᠪᠤᠳᠤᠯᠭᠠᠳᠠᠢ ᠴᠤᠯᠠ ᠪᠠᠷ ᠰᠤᠶᠤᠷᠬᠠᠬᠳᠠᠪᠠ ᠃ ᠪᠦᠷᠢᠨᠳᠦ ᠵᠠᠰᠠᠭᠴᠢ ᠶᠢᠨ ᠲᠦᠷᠪᠡᠳᠦᠭᠡᠷ ᠤᠨ ︵ 1865 ︶ ᠲᠤ | ᠲᠠᠶᠢᠨ ᠳᠤ ᠨᠠᠰᠤ ᠪᠠᠷᠠᠪᠠ | ② ᠬᠦᠨ — ᠭᠡᠪᠡᠯ ᠭᠡᠰᠡᠨ ᠤᠳᠬ᠎ᠠ ᠲᠠᠢ ᠤᠷᠳᠤᠰ ᠦᠭᠡ ᠃ | ᠲᠠᠭᠤᠯᠠᠭᠴᠢ ᠄ ᠭᠧ ᠢᠤᠢ ᠶᠢᠩ ᠬᠠᠨ ᠹᠧᠩ ᠶᠢᠩ | ᠰᠢᠩᠭᠡᠭᠡᠭᠴᠢ ᠄ ᠬᠠᠰ | ᠰᠢᠩᠭᠡᠭᠡᠭᠰᠡᠨ ᠴᠠᠭ ᠄ 2010 ᠤᠨ ᠤ 12 ᠰᠠᠷ᠎ᠠ | | |