| ᠶᠡᠷᠦᠨᠢ ᠭᠡᠨᠡᠳᠲᠡ ᠶᠢᠨ ᠦᠬᠦᠯ ᠤᠨ ᠣᠯᠠᠩᠬᠢ ᠨᠢ | ᠵᠢᠷᠦᠬᠡᠨ ᠠᠴᠠ ᠰᠢᠯᠲᠠᠭᠠᠯᠠᠳᠠᠭ ᠃ ᠪᠡᠭᠡᠵᠢᠩ ᠤᠨ ᠠᠨ ᠵᠧᠨ | ᠡᠮᠨᠡᠯᠭᠡ ᠶᠢᠨ ᠬᠤᠷᠢᠶᠠᠨ ᠤ ᠪᠠᠴᠢᠮ ᠡᠮᠨᠡᠯᠭᠡ ᠶᠢᠨ ᠬᠦᠨᠳᠦ | ᠡᠪᠡᠳᠴᠢᠨ ᠤ ᠲᠥᠪ ᠤᠨ ᠳᠡᠳ᠋ ᠡᠷᠬᠢᠯᠡᠭᠴᠢ ᠂ ᠡᠮᠴᠢ ᠾᠧ ᠰᠢᠶᠣᠣ | ᠨᠠᠨ ᠢᠯᠡᠷᠬᠡᠶᠢᠯᠡᠬᠦ ᠳᠡᠭᠡᠨ ᠂ 8 ᠴᠠᠭ ᠢᠶᠠᠷ ᠤᠳᠠᠭᠠᠨ | ᠰᠠᠭᠤᠪᠠᠯ ᠭᠡᠨᠡᠳᠲᠡ ᠶᠢᠨ ᠦᠬᠦᠯ ᠤᠨ ᠲᠦᠭᠰᠢᠭᠦᠷᠢ ᠶᠢ | ᠦᠨᠡᠬᠡᠷ ᠨᠡᠮᠡᠭᠳᠡᠭᠦᠯᠬᠦ ᠪᠣᠯᠣᠨ᠎ᠠ ᠭᠡᠵᠡᠢ ᠃ | ᠤᠳᠠᠭᠠᠨ ᠰᠠᠭᠤᠪᠠᠯ ᠴᠢᠰᠤᠨ ᠤ ᠡᠷᠬᠢᠯᠳᠡ ᠶᠢ | ᠤᠳᠠᠭᠠᠰᠢᠷᠠᠭᠤᠯᠵᠤ ᠂ ᠴᠢᠰᠦ ᠶᠢ ᠦᠳᠬᠡᠷᠡᠬᠦᠯᠳᠡᠭ ᠃ ᠳᠣᠣᠷ᠎ᠠ | ᠪᠡᠶ᠎ᠡ ᠶᠢᠨ ᠦᠳᠬᠡᠷᠡᠭᠰᠡᠨ ᠴᠢᠰᠦ ᠵᠢᠷᠦᠬᠡ ᠪᠤᠶᠤ ᠠᠭᠤᠰᠬᠢᠨ ᠤ | ᠴᠢᠰᠤᠨ ᠰᠤᠳᠠᠯ ᠳᠤ ᠬᠦᠷᠴᠦ ᠂ ᠠᠭᠤᠰᠬᠢᠨ ᠤ ᠴᠢᠰᠤᠨ ᠰᠤᠳᠠᠯ | ᠪᠥᠭᠯᠡᠷᠡᠨ᠎ᠡ ︔ ᠵᠢᠷᠦᠬᠡ ᠂ ᠠᠭᠤᠰᠬᠢ ᠤᠶᠢᠷᠠᠬᠠᠨ ᠪᠠᠶᠢᠳᠠᠭ | ᠪᠤᠯᠬᠤᠷ ᠠᠭᠤᠰᠬᠢᠨ ᠤ ᠴᠢᠰᠤᠨ ᠰᠤᠳᠠᠯ ᠪᠥᠭᠯᠡᠷᠡᠭᠰᠡᠨ ᠠᠴᠠ | ᠪᠤᠯᠵᠦ ᠵᠢᠷᠦᠬᠡᠨ ᠤ ᠠᠵᠢᠯᠯᠠᠭ᠎ᠠ ᠶᠢ ᠬᠦᠨᠳᠦ ᠨᠣᠴᠢᠲᠠᠢ | ᠨᠥᠯᠥᠭᠡᠯᠡᠨ᠎ᠡ ᠃ ᠵᠢᠷᠦᠬᠡᠨ ᠤ ᠠᠵᠢᠯᠯᠠᠭ᠎ᠠ ᠮᠠᠭᠤᠳᠠᠬᠤ | ᠦᠶ᠎ᠡ ᠳᠤ ᠵᠢᠷᠦᠬᠡᠨ ᠤ ᠳᠤᠷᠤᠶᠢᠳᠠᠯ ᠤᠨ ᠳᠤᠬᠢᠶᠠᠯᠳᠤᠯ | ᠪᠤᠯᠳᠠᠭ ᠶᠤᠮ ᠃ | ᠤᠳᠠᠭᠠᠨ ᠰᠠᠭᠤᠬᠤ ᠦᠶ᠎ᠡ ᠶᠠᠭᠠᠬᠢᠪᠠᠯ ᠵᠣᠬᠢᠬᠤ ᠪᠤᠢ ᠬᠡᠪᠡᠯ ᠂ | ᠨᠢᠭᠡ ᠳᠤ ᠂ ᠬᠥᠯ ᠤᠨ ᠬᠤᠷᠤᠭᠤ ᠪᠠᠨ 20 ᠰᠺᠦ᠋ᠨ᠋ᠳ᠋ ᠡᠷᠬᠦᠨ᠎ᠠ ︔ | ᠬᠤᠶᠠᠷ ᠲᠤ ᠂ ᠪᠣᠷᠪᠢ ᠪᠠᠨ ᠡᠷᠭᠦᠵᠦ ᠂ 20 ᠰᠺᠦ᠋ᠨ᠋ᠳ᠋ | ᠪᠠᠷᠢᠮᠲᠠᠯᠠᠨ᠎ᠠ᠃ | ᠡᠬᠦᠨ ᠠᠴᠠ ᠭᠠᠳᠠᠨ᠎ᠠ ᠰᠦᠨᠢ ᠣᠷᠣᠢ ᠶᠠᠭᠤᠮ᠎ᠠ ᠢᠳᠡᠬᠦ ᠨᠢ | ᠪᠡᠶ᠎ᠡ ᠳᠤ ᠮᠠᠰᠢ ᠮᠠᠭᠤ ᠶᠤᠮ ᠃ ᠾᠧ ᠰᠢᠶᠣᠣ ᠨᠠᠨ ᠡᠮᠴᠢ ᠶᠢᠨ | ᠲᠠᠶᠢᠯᠪᠤᠷᠢᠯᠠᠭᠰᠠᠨ ᠢᠶᠠᠷ ᠂ ᠰᠥᠨᠢ ᠶᠢᠨ ᠬᠤᠭᠤᠯᠠᠨ ᠳᠤ | ᠠᠮᠢᠲᠠᠨ ᠤ ᠳᠣᠲᠣᠷ ᠡᠷᠬᠡᠲᠡᠨ ᠂ ᠯᠣᠬᠠᠱᠧᠩ ᠂ ᠮᠢᠬᠠᠨ ᠤ ᠵᠦᠢᠯ | ᠵᠡᠷᠭᠡ ᠥᠭᠡᠬᠦ ᠶᠡᠬᠡᠲᠡᠢ ᠂ ᠰᠥᠰᠥᠨ ᠤ ᠭᠤᠨᠠᠨ ᠠᠯᠺᠣᠣᠯ ᠤᠨ | ᠠᠭᠤᠯᠤᠭᠳᠠᠴᠠ ᠶᠡᠬᠡᠲᠡᠢ ᠢᠳᠡᠭᠡᠨ ᠢ ᠶᠡᠭᠡ ᠬᠡᠮᠵᠢᠶ᠎ᠡ ᠪᠠᠷ | ᠢᠳᠡᠪᠡᠯ ᠂ ᠴᠢᠰᠤᠨ ᠤ ᠥᠭᠡᠬᠦ ᠳᠣᠰᠣ ᠨᠡᠮᠡᠭᠳᠡᠬᠦ ᠪᠣᠯᠣᠨ᠎ᠠ ᠃ | ᠢᠩᠬᠢᠬᠡᠳ ᠵᠢᠷᠦᠬᠡᠨ ᠲᠢᠲᠢᠮ ᠤᠨ ᠡᠪᠡᠳᠴᠢᠨ ᠂ ᠵᠢᠷᠦᠬᠡ | ᠪᠠᠵᠠᠯᠠᠨ ᠡᠪᠡᠳᠬᠦ ᠂ ᠴᠢᠨᠠᠭᠰᠢᠯᠠᠪᠠᠯ ᠵᠢᠷᠦᠬᠡᠨ ᠪᠤᠯᠴᠢᠩ ᠤᠨ | ᠲᠦᠭᠵᠢᠷᠡᠯ ᠡᠭᠦᠰᠬᠦ ᠠᠶᠤᠯ ᠢ ᠨᠡᠮᠡᠭᠳᠡᠭᠦᠯᠬᠦ ᠶᠤᠮ ᠪᠠᠶᠢᠨ᠎ᠠ | ᠃ | | |