ᠦᠳᠦᠨ ᠪᠦᠮᠪᠦᠭᠡ ᠨᠠᠭᠠᠳᠬᠤ ᠨᠢ ᠬᠦᠵᠦᠬᠦᠦ ᠰᠡᠬᠡᠷ ᠤᠨ ᠡᠪᠡᠳᠴᠢᠨ ᠢ ᠵᠠᠰᠠᠵᠤ ᠴᠢᠳᠠᠨ᠎ᠠ ᠤᠤ︖
ᠨᠡᠶᠢᠲᠡᠯᠡᠭᠰᠡᠨ ᠴᠠᠭ᠄
2024/1/29
    ᠠᠷᠠᠳ ᠤᠨ ᠳᠤᠮᠳᠠ ︽ ᠦᠳᠦᠨ ᠪᠦᠮᠪᠦᠭᠡ ᠨᠠᠭᠠᠳᠬᠤ ᠨᠢ ᠬᠦᠵᠦᠬᠦᠦ ᠰᠡᠬᠡᠷ ᠤᠨ ᠡᠪᠡᠳᠴᠢᠨ ᠢ ᠵᠠᠰᠠᠨ᠎ᠠ ︾ ᠬᠡᠳᠡᠭ ᠬᠡᠯᠡᠯᠬᠡ ᠪᠠᠶᠢᠳᠠᠭ ᠂ ᠳᠡᠬᠡᠪᠡᠯ ᠬᠦᠳᠡᠯᠬᠡᠬᠡᠨ ᠬᠢᠬᠦ ᠨᠢ ᠦᠨᠡᠬᠡᠷ ᠶᠠᠰᠤᠨ ᠤ ᠰᠠᠯᠠᠭᠠᠨ ᠤ ᠡᠪᠡᠳᠴᠢᠨ ᠳᠤ ᠡᠮᠴᠢᠯᠡᠬᠡᠨ ᠤ ᠦᠷ᠎ᠡ ᠳ᠋ᠦᠩ ᠲᠠᠢ ᠤᠤ ︖ ᠵᠦᠢ ᠵᠤᠬᠢᠰᠳᠠᠢ ᠬᠦᠳᠡᠯᠬᠡᠬᠡᠨ ᠬᠢᠬᠦ ᠨᠢ ᠬᠦᠮᠦᠨ ᠤ ᠠᠷᠤᠭ ᠶᠠᠰᠤᠨ ᠤ ᠡᠷᠡᠬᠦᠯ ᠮᠡᠨᠳᠤ ᠳᠤ ᠠᠰᠢᠭᠳᠠᠢ ᠃ ᠡᠮᠴᠢ ᠬᠦᠵᠦᠬᠦᠦ ᠰᠡᠬᠡᠷ ᠤᠨ ᠡᠪᠡᠳᠴᠢᠨ ᠂ ᠪᠦᠰᠡᠯᠡᠬᠦᠷ ᠰᠡᠬᠡᠷ ᠤᠨ ᠡᠪᠡᠳᠴᠢᠨ ᠵᠡᠷᠬᠡ ᠠᠳᠠᠯᠢᠪᠳᠤᠷ ᠡᠪᠡᠳᠴᠢᠨ ᠢ ᠵᠠᠰᠠᠬᠤ ᠳᠠᠭᠠᠨ ᠡᠪᠡᠳᠴᠢᠳᠠᠨ ᠳᠤ ᠡᠪᠡᠳᠴᠢᠨ ᠤ ᠪᠠᠶᠢᠳᠠᠯ ᠳᠤ ᠳᠤᠬᠢᠷᠠᠭᠰᠠᠨ ︽ ᠬᠦᠳᠡᠯᠬᠡᠬᠡᠨ ᠤ ᠵᠤᠷ ︾ ᠭᠠᠷᠭᠠᠵᠤ ᠦᠭᠬᠦ ᠶᠢ ᠪᠤᠳᠤᠯᠬᠢᠯᠠᠵᠤ ᠂ ᠡᠪᠡᠳᠴᠢᠳᠠᠨ ᠢ ᠠᠷᠤ ᠨᠢᠷᠤᠭᠤ ᠶᠢᠨ ᠪᠤᠯᠴᠢᠩ ᠮᠢᠬ᠎ᠠ ᠪᠠᠨ ᠪᠤᠯᠪᠠᠰᠤᠷᠠᠭᠤᠯᠵᠤ ᠂ ᠬᠦᠵᠦᠬᠦᠦ ᠰᠡᠬᠡᠷ ᠂ ᠪᠦᠰᠡᠯᠡᠬᠦᠷ ᠨᠢᠷᠤᠭᠤ ᠪᠠᠨ ᠨᠡᠩ ᠳᠤᠭᠳᠠᠪᠤᠷᠢᠳᠡᠢ ᠪᠤᠯᠭᠠᠬᠤ ᠬᠦᠳᠡᠯᠬᠡᠬᠡᠨ ᠳᠤ ᠤᠷᠤᠯᠴᠠᠭᠤᠯᠵᠤ ᠂ ᠡᠪᠡᠳᠴᠢᠨ ᠢ ᠬᠦᠩᠬᠡᠷᠡᠬᠦᠯᠬᠦ ᠶᠢ ᠰᠠᠨᠠᠭᠤᠯᠳᠠᠭ ᠃ ᠬᠡᠨᠡᠳᠳᠡ  ᠶᠢᠨ ᠴᠢᠨᠠᠷᠳᠠᠢ ᠂ ᠬᠦᠩᠬᠡᠪᠳᠤᠷ ᠂ ᠡᠰᠡᠬᠦᠯ᠎ᠡ ᠡᠬᠢᠨ ᠤ ᠦᠶ᠎ᠡ ᠶᠢᠨ ᠡᠪᠡᠳᠴᠢᠨ ᠤ ᠰᠢᠨᠵᠢ ᠶᠢ ᠶᠡᠷᠦᠩᠬᠡᠢ ᠳᠡᠭᠡᠨ ᠵᠤᠬᠢᠬᠤ ᠬᠦᠳᠡᠯᠬᠡᠬᠡᠨ ᠢᠶᠠᠷ ᠳᠠᠮᠵᠢᠨ ᠵᠠᠰᠠᠵᠤ ᠠᠷᠢᠯᠭᠠᠵᠤ ᠪᠤᠯᠳᠠᠭ ᠃ ᠳᠠᠮᠢᠷ ᠤᠨ ᠬᠦᠳᠡᠯᠬᠡᠬᠡᠨ ᠤ ᠰᠤᠩᠭᠤᠯᠳᠠ ᠮᠠᠰᠢ ᠴᠢᠬᠤᠯᠠ ᠃ ᠵᠠᠷᠢᠮ ᠳᠠᠮᠢᠷ ᠤᠨ ᠬᠦᠳᠡᠯᠬᠡᠬᠡᠨ ᠨᠢ ᠶᠠᠮᠠᠷ ᠨᠢᠬᠡᠨ ᠡᠪᠡᠳᠴᠢᠨ ᠳᠤ ᠨᠡᠷᠪᠡᠭᠳᠡᠭᠰᠡᠨ ᠬᠦᠮᠦᠰ ᠲᠤ ᠳᠤᠬᠢᠷᠠᠬᠤ ᠦᠬᠡᠢ ᠪᠤᠶᠤ ᠠᠰᠢᠭ ᠦᠬᠡᠢ ᠦᠷ᠎ᠡ ᠨᠦᠯᠦᠬᠡ ᠠᠪᠴᠢᠷᠠᠳᠠᠭ ᠃ ᠦᠳᠦᠨ ᠪᠦᠮᠪᠦᠭᠡ ᠪᠠᠷ ᠵᠢᠱᠢᠶᠡᠯᠡᠪᠡᠯ ᠂ ᠪᠦᠮᠪᠦᠭᠡ ᠳᠤᠰᠬᠤ ᠶᠠᠪᠤᠴᠠ ᠳᠤ ᠳᠤᠯᠤᠭᠠᠢ ᠪᠠ ᠬᠦᠵᠦᠬᠦᠦ ᠪᠠᠨ ᠳᠠᠬᠢᠨ ᠳᠠᠪᠳᠠᠨ ᠡᠷᠬᠢᠬᠦᠯᠦᠨ ᠬᠦᠳᠡᠯᠬᠡᠪᠡᠯ ᠂ ᠮᠠᠭᠤ ᠳᠠᠳᠬᠠᠯ ᠠᠴᠠ ᠪᠤᠯᠤᠭᠰᠠᠨ ᠬᠦᠵᠦᠬᠦᠦ ᠰᠡᠬᠡᠷ ᠤᠨ ᠡᠪᠡᠳᠴᠢᠨ ᠢ ᠡᠰᠡᠷᠬᠦᠴᠡᠵᠤ ᠂ ᠡᠪᠡᠳᠴᠢᠨ ᠤ ᠢᠯᠡᠷᠡᠯ ᠢ ᠨᠠᠮᠳᠠᠭᠤᠯᠬᠤ ᠪᠠ ᠡᠶᠢᠮᠦᠷᠬᠦᠦ ᠡᠪᠡᠳᠴᠢᠨ ᠢ ᠰᠡᠷᠬᠡᠶᠢᠯᠡᠬᠦ ᠳᠤ ᠠᠰᠢᠭᠳᠠᠢ ᠪᠠᠶᠢᠳᠠᠭ ᠃ ᠬᠡᠪᠡᠴᠤ ᠰᠡᠬᠡᠷ ᠤᠨ ᠭᠤᠤᠷᠰᠤ ᠨᠠᠷᠢᠰᠬᠤ ᠠᠰᠠᠭᠤᠳᠠᠯ ᠭᠠᠷᠪᠠᠯ ᠂ ᠦᠳᠦᠨ ᠪᠦᠮᠪᠦᠭᠡ ᠶᠢᠨ ᠬᠦᠳᠡᠯᠬᠡᠬᠡᠨ ᠳᠤ ᠤᠷᠤᠯᠴᠠᠵᠤ ᠪᠤᠯᠬᠤ ᠡᠰᠡᠬᠦ ᠨᠢ ᠡᠮᠴᠢ ᠶᠢᠨ ᠵᠠᠬᠢᠶ᠎ᠠ ᠰᠠᠨᠠᠭᠤᠯᠭ᠎ᠠ ᠶᠢ ᠳᠠᠭᠠᠬᠤ ᠬᠡᠷᠡᠭᠳᠡᠢ ᠃ ᠬᠦᠳᠡᠯᠬᠡᠬᠡᠨ ᠬᠡᠳᠤᠢ ᠠᠷᠪᠢᠨ ᠪᠤᠯ ᠳᠠᠳᠤᠢ ᠰᠠᠶᠢᠨ ᠪᠠᠶᠢᠳᠠᠭ ᠤᠤ ︖ ᠳᠡᠶᠢᠮᠤ ᠪᠢᠰᠢ ᠃ ᠦᠳᠦᠨ ᠪᠦᠮᠪᠦᠭᠡ ᠶᠢᠨ ᠬᠦᠳᠡᠯᠬᠡᠬᠡᠨ ᠬᠡᠳᠤᠷᠡᠪᠡᠯ ᠠᠮᠠᠷᠬᠠᠨ ᠮᠦᠷᠦ ᠂ ᠨᠢᠷᠤᠭᠤ ᠂ ᠡᠪᠤᠳᠦᠭ ᠵᠡᠷᠬᠡ ᠦᠶ᠎ᠡ ᠬᠡᠰᠢᠬᠦᠦ ᠬᠡᠮᠳᠤᠨ᠎ᠡ ᠃ ᠬᠦᠳᠡᠯᠬᠡᠬᠡᠨ ᠬᠢᠬᠦ ᠨᠢ ᠡᠷᠡᠬᠦᠯ ᠮᠡᠨᠳᠤ ᠳᠤ ᠠᠰᠢᠭᠳᠠᠢ ᠂ ᠬᠡᠪᠡᠴᠤ ᠬᠡᠮᠵᠢᠶ᠎ᠡ ᠲᠠᠢ ᠬᠦᠳᠡᠯᠬᠡᠬᠡᠨ ᠬᠢᠬᠦ ᠬᠡᠷᠡᠭᠳᠡᠢ ᠃ ᠬᠦᠮᠦᠨ ᠪᠤᠯᠭᠠᠨ ᠤ ᠪᠡᠶ᠎ᠡ ᠶᠢᠨ ᠪᠠᠶᠢᠳᠠᠯ ᠂ ᠪᠤᠯᠴᠢᠩ ᠤᠨ ᠪᠤᠶᠢᠵᠢᠯᠳᠡ ᠪᠦᠷ ᠠᠳᠠᠯᠢ ᠪᠤᠰᠤ ᠪᠠᠶᠢᠵᠤ ᠂ ᠨᠡᠶᠢᠳᠡᠮ ᠬᠡᠷᠡᠭᠯᠡᠭᠳᠡᠬᠦ ︽ ᠬᠦᠳᠡᠯᠬᠡᠬᠡᠨ ᠤ ᠵᠤᠷ ︾ ᠬᠡᠵᠤ ᠪᠠᠶᠢᠳᠠᠭ ᠦᠬᠡᠢ ᠪᠤᠯᠬᠤᠷ ᠦᠪᠡᠷ ᠤᠨ ᠪᠠᠶᠢᠳᠠᠯ ᠢᠶᠠᠨ ᠦᠨᠳᠤᠰᠤᠯᠡᠨ ᠳᠤᠬᠢᠷᠠᠮᠵᠢᠳᠡᠢ ᠳᠠᠮᠢᠷ ᠤᠨ ᠬᠦᠳᠡᠯᠬᠡᠬᠡᠨ ᠪᠠ ᠬᠦᠳᠡᠯᠬᠡᠬᠡᠨ ᠤ ᠬᠦᠴᠦᠯᠡᠴᠡ ᠪᠠᠨ ᠰᠤᠩᠭᠤᠬᠤ ᠬᠡᠷᠡᠭᠳᠡᠢ ᠃ ᠭᠠᠷᠠᠭ ᠪᠦᠷᠢ ᠳᠤᠮᠳᠠ ᠵᠡᠷᠬᠡ ᠶᠢᠨ ᠬᠦᠴᠦᠯᠡᠴᠡ ᠲᠠᠢ ᠬᠦᠳᠡᠯᠬᠡᠬᠡᠨ ᠳᠤ 2 — 4 ᠤᠳᠠᠭ᠎ᠠ ᠤᠷᠤᠯᠴᠠᠵᠤ ᠪᠠᠶᠢᠬᠤ ᠶᠢ ᠰᠠᠨᠠᠭᠤᠯᠤᠶ᠎ᠠ ᠃ ᠬᠡᠷᠪᠡ ᠪᠡᠶ᠎ᠡ ᠳᠤ ᠡᠪ ᠦᠬᠡᠢ ᠪᠠᠶᠢᠳᠠᠯ ᠨᠡᠯᠢᠶᠡᠳ ᠤᠳᠠᠭᠠᠨ ᠦᠷᠬᠦᠯᠵᠢᠯᠡᠭᠰᠡᠨ ᠪᠤᠶᠤ ᠮᠡᠳᠡᠷᠡᠯ ᠤᠨ ᠳᠠᠷᠤᠯᠳᠠ ᠶᠢᠨ ᠪᠠᠶᠢᠳᠠᠯ ᠭᠠᠷᠤᠭᠰᠠᠨ ᠪᠠᠶᠢᠪᠠᠯ ᠡᠷᠳᠡᠬᠡᠨ ᠡᠮᠨᠡᠬᠦᠯᠵᠤ ᠂ ᠡᠮᠴᠢ ᠶᠢᠨ ᠵᠢᠭᠠᠪᠤᠷᠢ ᠪᠠᠷ ᠡᠮᠨᠡᠨ ᠵᠠᠰᠠᠬᠤ ᠬᠡᠷᠡᠭᠳᠡᠢ ᠃    
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ ᠤᠨ ᠵᠢᠷᠬᠢᠶ᠎ᠡ ᠶᠢᠨ ᠳᠠᠪᠴᠠᠩ