| ᠰᠢᠬᠢᠷ ᠤᠨ ᠠᠰᠢᠭ ᠬᠤᠤᠷ ᠪᠤᠳᠠᠭ᠎ᠠ ᠶᠢ ᠵᠠᠵᠢᠯᠤᠭᠠᠳ ᠯᠡ ᠪᠠᠢᠪᠠᠯ ᠮᠠᠰᠢ ᠠᠮᠳᠠᠲᠠᠢ ᠰᠠᠨᠠᠭᠳᠠᠬᠤ ᠶᠤᠮ ᠃ ᠡᠨᠡ ᠪᠤᠯ ᠪᠤᠳᠠᠭᠠᠨ ᠮᠦᠬᠦᠯᠢᠭ ᠲᠠᠬᠢ ᠴᠠᠷᠳᠠᠭᠤᠯ | ᠰᠢᠯᠦᠰᠤᠨ᠋ ᠤ ᠦᠢᠯᠡᠳᠦᠯ ᠢᠶᠠᠷ ᠪᠤᠭᠤᠳᠠᠢ ᠶᠢᠨ ᠰᠢᠬᠢᠷ ᠪᠤᠯᠵᠤ ᠬᠤᠪᠢᠷᠠᠭᠰᠠᠨ᠋ ᠤᠤᠴᠢᠷ ᠶᠤᠮ ᠃ ᠰᠢᠬᠢᠷ ᠢ ︽ ᠠᠮᠢ ᠨᠠᠰᠤᠨ᠋ ᠤ ᠲᠡᠭᠡᠳᠦ ᠵᠡᠷᠭᠡ ᠶᠢᠨ ᠡᠶ᠎ᠡ | ᠨᠠᠢᠷᠲᠦ ᠡᠯᠴᠢ ︾ ᠭᠡᠳᠡᠭ ᠃ ᠡᠨᠡ ᠨᠢ ᠭᠤᠤᠯᠳᠠᠭᠤ ᠶᠡᠭᠡ ᠬᠡᠮᠵᠢᠶᠡᠨ᠋ ᠤ ᠢᠯᠴᠢ ᠶᠢᠨ ᠡᠨᠤᠷᠬᠢ ᠶᠢ ᠭᠠᠷᠭᠠᠵᠤ ᠂ ᠬᠦᠮᠦᠨ᠋ ᠤ ᠪᠡᠶ᠎ᠡ ᠶᠢᠨ ᠢᠯᠴᠢ ᠶᠢᠨ | ᠬᠡᠪ ᠤᠨ ᠪᠠᠢᠳᠠᠯ ᠢ ᠪᠠᠲᠤᠯᠠᠨ ᠂ ᠪᠤᠳᠠᠰ ᠤᠨ ᠰᠤᠯᠢᠯᠴᠠᠭ᠎ᠠ ᠶᠢ ᠠᠬᠢᠭᠤᠯᠵᠤ ᠴᠢᠳᠠᠳᠠᠭ ᠠᠴᠠ ᠪᠤᠯᠤᠭᠰᠠᠨ ᠶᠤᠮ ᠃ ᠰᠢᠬᠢᠷ ᠪᠠᠰᠠ ᠡᠰ ᠢ | ᠪᠦᠷᠢᠯᠳᠦᠭᠦᠯᠬᠦ ᠲᠤ ᠲᠤᠳᠠᠭᠳᠠᠰᠢ ᠦᠭᠡᠢ ᠬᠦᠴᠦᠨ ᠵᠦᠢᠯ ᠪᠤᠯᠤᠨ᠎ᠠ ᠃ ᠬᠦᠮᠦᠨ᠋ ᠤ ᠶᠡᠷᠦᠳᠡ ᠶᠢᠨ ᠢᠳᠡᠳᠡᠭ ᠪᠤᠭᠤᠳᠠᠢ ᠂ ᠲᠤᠳᠤᠷᠭ᠎ᠠ ᠂ ᠪᠤᠷᠴᠠᠭ ᠂ ᠯᠤᠤᠪᠠᠩ | ᠵᠡᠷᠭᠡ ᠲᠤ ᠴᠠᠷᠳᠠᠭᠤᠯ ᠡᠯᠪᠡᠭ ᠠᠭᠤᠯᠤᠭᠳᠠᠵᠤ ᠂ ᠡᠨᠡ ᠨᠢ ᠰᠢᠩᠭᠡᠭᠡᠯᠳᠡ ᠶᠢ ᠲᠡᠮᠵᠢᠵᠤ ᠂ ᠬᠤᠳᠤᠭᠤᠳᠤ ᠭᠡᠳᠡᠰᠦᠨ᠋ ᠳᠤ ᠦᠵᠦᠮ ᠤᠨ ᠰᠢᠬᠢᠷ ᠪᠤᠯᠵᠤ | ᠬᠤᠪᠢᠷᠠᠭᠠᠳ ᠬᠦᠮᠦᠨ᠋ ᠤ ᠪᠡᠶ᠎ᠡ ᠳᠤ ᠠᠰᠢᠭᠯᠠᠭᠳᠠᠳᠠᠭ ᠃ ᠭᠡᠪᠡᠴᠦ ᠨᠢᠰᠢᠩᠭᠦ ᠶᠢᠨ ᠰᠢᠬᠢᠷ ᠂ ᠵᠢᠮᠢᠰ ᠤᠨ ᠰᠢᠬᠢᠷ ᠪᠠ ᠦᠵᠦᠮ ᠤᠨ ᠰᠢᠬᠢᠷ ᠢ ᠦᠷᠬᠦᠯᠵᠢ | ᠢᠳᠡᠬᠦ ᠨᠢ ᠪᠡᠶ᠎ᠡ ᠲᠤ ᠠᠰᠢᠬ ᠦᠭᠡᠢ ᠶᠤᠮ ᠃ ᠡᠳᠡᠭᠡᠷ ᠰᠢᠬᠢᠷ ᠢ ᠬᠡᠲᠦᠷᠡᠳᠡᠯ᠎ᠡ ᠢᠳᠡᠪᠡᠯ ᠬᠦᠮᠦᠨ᠋ ᠤ ᠪᠡᠶ᠎ᠡ ᠲᠠᠬᠢ ᠦᠭᠡᠬᠦ ᠨᠡᠮᠡᠭᠳᠡᠵᠤ ᠮᠠᠷᠢᠶᠠᠯᠠᠭᠠᠳ ᠴᠢᠰᠤᠨ | ᠲᠠᠷᠤᠯᠳᠠ ᠲᠡᠭᠡᠭᠰᠢᠯᠡᠬᠦ ᠪᠤᠶᠤ ᠵᠢᠷᠦᠬᠡᠨ᠋ ᠤ ᠡᠪᠡᠳᠴᠢᠨ ᠡᠭᠦᠰᠭᠡᠳᠡᠭ ᠃ ᠰᠢᠬᠢᠷ ᠢ ᠬᠡᠲᠦᠷᠡᠳᠡᠯ᠎ᠡ ᠢᠳᠡᠪᠡᠯ ᠪᠠᠰᠠ ᠡᠪᠡᠳᠴᠢᠨ᠋ ᠤ ᠬᠤᠤᠷ ᠢ ᠡᠰᠡᠷᠬᠦᠴᠡᠨ | ᠰᠡᠷᠭᠡᠢᠯᠡᠬᠦ ᠴᠢᠳᠠᠪᠤᠷᠢ ᠶᠢ ᠪᠠᠭᠤᠷᠠᠭᠤᠯᠵᠤ ᠡᠪᠡᠳᠴᠢᠨ ᠡᠮᠭᠡᠭ ᠲᠤ ᠠᠮᠠᠷᠬᠠᠨ ᠨᠡᠷᠪᠡᠭᠳᠡᠭᠦᠯᠳᠡᠭ ᠃ ᠬᠡᠥᠬᠡᠳ ᠰᠢᠬᠢᠷ ᠦᠷᠭᠦᠯᠵᠢ ᠢᠳᠡᠬᠦ ᠪᠤᠶᠤ ᠬᠡᠲᠦᠷᠡᠳᠡᠯ᠎ᠡ ᠢᠳᠡᠪᠡᠯ | ᠪᠠᠰᠠ ᠰᠢᠳᠦ ᠬᠤᠷᠤᠬᠠᠢᠳᠤᠨ ᠡᠪᠡᠳᠬᠦ ᠪᠤᠯᠤᠨ᠎ᠠ ᠃ | |