| ᠥᠯᠥᠨ ᠢᠶᠠᠷ ᠥᠳᠬᠡᠨ ᠴᠠᠶ ᠶᠡᠭᠡ ᠤᠤᠭᠤᠬᠤ ᠪᠤᠶᠤ ᠺᠣᠹᠧ ᠬᠡᠲᠦᠷᠬᠡᠶ ᠠᠷᠪᠢᠨ ᠤᠤᠭᠤᠪᠠᠯ ᠂ ᠵᠢᠷᠦᠬᠡᠨ ᠴᠣᠬᠢᠯᠭ᠎ᠠ ᠲᠦᠷᠭᠡᠰᠴᠦ ᠂ ᠴᠡᠭᠡᠵᠢ ᠪᠠᠭᠲᠠᠷᠠᠬᠤ ᠂ | ᠵᠢᠷᠦᠬᠡ ᠲᠦᠭᠰᠢᠬᠦ ᠵᠡᠷᠭᠡ ᠡᠪ ᠥᠬᠡᠶ ᠪᠠᠶᠢᠳᠠᠯ ᠢ ᠪᠣᠶ ᠪᠣᠯᠭᠠᠵᠤ ᠮᠡᠳᠡᠨ᠎ᠡ ︔ ᠥᠯᠥᠨ ᠢᠶᠠᠷ ᠠᠷᠢᠬᠢ ᠤᠤᠭᠤᠪᠠᠯ ᠠᠮᠠᠷᠬᠠᠨ ᠴᠢᠰᠤᠨ ᠰᠢᠬᠢᠷ ᠳᠣᠣᠷ᠎ᠠ ᠪᠣᠯᠵᠤ ᠂ | ᠲᠣᠯᠣᠭᠠᠢ ᠡᠷᠭᠢᠬᠦ ᠂ ᠬᠦᠢᠲᠡᠨ ᠬᠥᠯᠥᠰᠥ ᠭᠠᠷᠬᠤ ᠵᠡᠷᠭᠡ ᠡᠪ ᠦᠭᠡᠢ ᠰᠢᠨᠵᠢ ᠲᠡᠮᠳᠡᠭ ᠢᠯᠡᠷᠡᠨ᠎ᠡ ᠃ ᠥᠯᠥᠨ ᠢᠶᠠᠷ ᠬᠦᠢᠲᠡᠨ ᠢᠳᠡᠭᠡᠨ ᠢᠳᠡᠬᠦ ᠦᠬᠡᠢ ᠪᠣᠯ ᠰᠠᠶᠢᠨ ᠃ | ᠲᠡᠷᠡ ᠨᠢ ᠬᠤᠳᠣᠭᠤᠳᠣ ᠭᠡᠳᠡᠰᠦᠨ ᠳᠤ ᠰᠡᠳᠦᠯᠲᠡ ᠥᠭᠴᠦ ᠂ ᠤᠳᠠᠭᠠᠨ ᠳᠠᠭᠠᠨ ᠬᠤᠳᠣᠭᠤᠳᠣ ᠭᠡᠳᠡᠰᠦᠨ ᠤ ᠡᠪᠡᠳᠴᠢᠨ ᠢ ᠡᠭᠦᠰᠭᠡᠳᠡᠭ ᠃ ᠬᠤᠳᠣᠭᠤᠳᠣ | ᠭᠡᠨᠡᠳᠲᠡ ᠬᠦᠢᠲᠡᠨ ᠪᠣᠯᠬᠤ ᠨᠢ ᠵᠢᠷᠦᠬᠡᠨ ᠳᠤ ᠰᠡᠳᠦᠯᠲᠡ ᠥᠭᠴᠦ ᠮᠡᠳᠡᠨ᠎ᠡ ᠃ ᠡᠶᠢᠮᠦ ᠠᠴᠠ ᠬᠦᠢᠲᠡᠨ ᠤᠮᠳᠠᠭᠠᠨ ᠢ ᠬᠠᠮᠤᠭ ᠰᠠᠶᠢᠨ ᠨᠢ ᠬᠤᠭᠤᠯᠠᠨ ᠤ ᠳᠤᠮᠳᠠ | ᠤᠤᠭᠤᠨ᠎ᠠ ᠂ ᠥᠯᠥᠨ ᠦᠶ᠎ᠡ ᠳᠤ ᠂ ᠴᠠᠳᠲᠠᠯ᠎ᠠ ᠢᠳᠡᠭᠰᠡᠨ ᠤ ᠳᠠᠷᠠᠭ᠎ᠠ ᠪᠠ ᠶᠡᠭᠡ ᠬᠥᠯᠥᠰᠥ ᠭᠠᠷᠬᠤ ᠦᠶ᠎ᠡ ᠳᠤ ᠪᠦᠷ ᠤᠤᠭᠤᠵᠤ ᠪᠣᠯᠬᠤ ᠦᠭᠡᠢ ᠃ ᠥᠯᠥᠨ ᠢᠶᠠᠷ | ᠲᠥᠪᠡᠳ ᠬᠠᠰᠢ ᠢᠳᠡᠵᠦ ᠪᠣᠯᠤᠨ᠎ᠠ ᠃ ᠲᠦᠬᠦᠬᠡᠢ ᠲᠥᠪᠡᠳ ᠬᠠᠰᠢ ᠢᠳᠡᠬᠦ ᠦᠭᠡᠢ ᠪᠣᠶᠣ ᠡᠰᠡᠬᠦᠯ᠎ᠡ ᠨᠢᠭᠡ ᠯᠡ ᠳᠡᠭᠡᠷ᠎ᠡ ᠠᠷᠪᠢᠨ ᠢᠳᠡᠬᠦ ᠦᠬᠡᠢ ᠪᠣᠯ ᠰᠠᠶᠢᠨ ᠃ | ᠭᠡᠪᠡᠴᠦ ᠬᠤᠳᠣᠭᠤᠳᠣ ᠭᠡᠳᠡᠰᠦᠨ ᠤ ᠠᠵᠢᠯᠯᠠᠭ᠎ᠠ ᠮᠠᠭᠤ ᠵᠠᠷᠢᠮ ᠬᠥᠮᠦᠰ ᠂ ᠵᠢᠱᠢᠶᠡᠯᠡᠪᠡᠯ ᠥᠲᠡᠯᠦᠭᠡ ᠬᠥᠮᠦᠰ ᠥᠯᠥᠨ ᠢᠶᠠᠷ ᠲᠥᠪᠡᠳ ᠬᠠᠰᠢ ᠶᠢ ᠠᠷᠪᠢᠨ ᠢᠳᠡᠵᠦ | ᠪᠣᠯᠬᠤ ᠥᠬᠡᠶ ᠃ ᠶᠡᠭᠡ ᠦᠯᠦᠰᠦᠭᠡᠳ ᠬᠤᠭᠤᠯᠠ ᠢᠳᠡᠬᠦ ᠳᠤ ᠪᠠᠰᠠ ᠡᠮᠦᠨ᠎ᠡ ᠬᠤᠶᠢᠨ᠎ᠠ ᠳᠡᠰ ᠳᠠᠷᠠᠭ᠎ᠠ ᠲᠠᠢ ᠪᠠᠶᠢᠪᠠᠯ ᠵᠤᠬᠢᠨ᠎ᠠ ᠃ ᠤᠷᠢᠳ ᠢᠶᠠᠷ ᠨᠣᠭᠤᠭ᠎ᠠ ᠵᠠᠭᠤᠰᠢ | ᠢᠳᠡᠵᠦ ᠂ ᠳᠠᠷᠠᠭ᠎ᠠ ᠨᠢ ᠮᠢᠬ᠎ᠠ ᠵᠡᠷᠭᠡ ᠤᠭᠤᠷᠠᠭ ᠲᠠᠢ ᠵᠥᠢᠯᠡᠰ ᠢᠳᠡᠨ᠎ᠡ ᠃ ᠬᠡᠷᠪᠡ ᠡᠬᠢᠯᠡᠩᠭᠦᠳᠡ ᠮᠠᠰᠢ ᠣᠯᠠᠨ ᠲᠤᠲᠤᠷᠭᠠᠨ ᠭᠤᠯᠢᠷ ᠤᠨ ᠴᠠᠷᠳᠠᠭᠤᠯ ᠤᠨ | ᠲᠥᠷᠥᠯ ᠤᠨ ᠢᠳᠡᠭᠡᠨ ᠢ ᠢᠳᠡᠪᠡᠯ ᠪᠠᠰᠠ ᠠᠮᠠᠷᠬᠠᠨ ᠴᠢᠰᠤᠨ ᠰᠢᠬᠢᠷ ᠢ ᠲᠦᠷᠭᠡᠨ ᠳᠡᠭᠡᠭᠰᠢᠯᠡᠭᠦᠯᠵᠦ ᠂ ᠪᠡᠶ᠎ᠡ ᠶᠢᠨ ᠳᠣᠲᠣᠭᠠᠳᠤ ᠶᠢᠨ ᠨᠦᠢᠷ ᠤᠨ ᠠᠷᠠᠯ ᠳᠤ | ᠰᠡᠳᠦᠯᠲᠡ ᠥᠭᠭᠦᠨ᠎ᠡ ᠃ ᠬᠠᠮᠤᠭ ᠰᠡᠭᠦᠯ ᠳᠤ ᠵᠢᠮᠢᠰ ᠢᠳᠡᠪᠡᠯ ᠵᠤᠬᠢᠨ᠎ᠠ ᠂ ᠤᠴᠢᠷ ᠨᠢ ᠵᠢᠮᠢᠰ ᠤᠨ ᠰᠢᠬᠢᠷᠯᠢᠭ ᠤᠨ ᠬᠡᠮᠵᠢᠶ᠎ᠡ ᠶᠡᠭᠡ ᠮᠥᠷᠲᠡᠭᠡᠨ ᠪᠦᠷ ᠠᠮᠠᠷᠬᠠᠨ | ᠰᠢᠩᠭᠡᠭᠡᠳᠡᠭ ᠂ ᠬᠡᠷᠪᠡ ᠥᠯᠥᠨ ᠢᠶᠠᠷ ᠢᠳᠡᠪᠡᠯ ᠴᠢᠰᠤᠨ ᠰᠢᠬᠢᠷ ᠢ ᠪᠠᠰᠠ ᠠᠮᠠᠷᠬᠠᠨ ᠨᠡᠮᠡᠭᠳᠡᠭᠦᠯᠦᠨ᠎ᠡ ᠃ ᠰᠢᠬᠢᠷᠯᠢᠭ ᠢᠳᠡᠭᠡᠨ ᠠᠴᠠ ᠬᠠᠮᠤᠭ ᠰᠠᠶᠢᠨ ᠨᠢ ᠬᠤᠯᠠᠬᠠᠨ | ᠪᠤᠢ ᠂ ᠬᠡᠷᠪᠡ ᠢᠳᠡᠶ᠎ᠡ ᠭᠡᠪᠡᠯ ᠬᠤᠭᠤᠯᠠᠨ ᠤ ᠲᠠᠷᠠᠭ᠎ᠠ ᠢᠳᠡᠭᠡᠷᠡᠢ ᠃ | | |