| 1 ᠂ ᠲᠦᠭᠦᠬᠡᠢ ᠭᠠ ᠶᠢ ᠨᠢᠮᠭᠡᠨ ᠬᠡᠷᠴᠢᠵᠤ ᠵᠦᠭᠡᠯᠡᠨ ᠭᠠᠯ ᠲᠡᠭᠡᠷ᠎ᠡ ᠪᠠᠭ᠎ᠠ ᠬᠠᠯᠠᠭᠠᠭᠠᠳ ᠡᠪᠡᠳᠴᠦ ᠪᠠᠢᠭ᠎ᠠ ᠰᠢᠳᠦ ᠪᠠᠷ ᠢᠶᠠᠨ ᠵᠠᠭᠤᠪᠠᠯ ᠴᠠᠭ ᠤᠨ ᠲᠠᠷᠠᠭ᠎ᠠ | ᠡᠪᠡᠳᠬᠦ ᠨᠢ ᠨᠠᠮᠳᠠᠳᠠᠭ ᠃ | 2 ᠂ ᠼᠤᠤ ᠶᠢ ᠪᠠᠭ᠎ᠠ ᠬᠠᠯᠠᠭᠤᠯᠤᠭᠠᠳ ᠪᠦᠯᠢᠶᠡᠨ ᠪᠣᠯᠣᠭᠰᠠᠨ ᠤ ᠲᠠᠷᠠᠭ᠎ᠠ ᠰᠢᠳᠦ ᠪᠠᠨ ᠵᠠᠶᠢᠯᠪᠠᠯ ᠡᠪᠡᠳᠬᠦ ᠨᠢ ᠨᠠᠮᠳᠠᠳᠠᠭ ᠃ | 3 ᠂ ᠡᠪᠡᠳᠴᠦ ᠪᠠᠢᠭ᠎ᠠ ᠰᠢᠳᠦᠨ ᠳᠡᠭᠡᠨ ᠮᠦᠬᠦᠯᠢᠭᠲᠦ ᠲᠠᠪᠤᠰᠤ ᠶᠢ ᠵᠠᠭᠤᠪᠠᠯ ᠂ ᠲᠡᠷᠡ ᠲᠤᠤᠷ᠎ᠠ ᠨᠢ ᠨᠡᠯᠢᠶᠡᠳ ᠡᠪᠡᠳᠦᠭᠰᠡᠨ ᠴᠦ ᠠᠭᠠᠵᠢᠮ ᠳᠠᠭᠠᠨ ᠬᠤᠤᠷ ᠢ ᠨᠢ | ᠲᠠᠷᠤᠵᠤ ᠪᠠᠺᠲ᠋ᠧᠷᠢ ᠶᠢ ᠤᠰᠠᠳᠬᠠᠵᠤ ᠬᠠᠪᠤᠳᠠᠷ ᠢ ᠨᠠᠮᠳᠠᠭᠤᠯᠳᠠᠭ ᠃ | 4 ᠂ ᠰᠢᠳᠦ ᠬᠤᠷᠤᠬᠠᠢᠳᠤᠭᠰᠠᠨ ᠠᠴᠠ ᠪᠤᠯᠵᠤ ᠡᠪᠡᠳᠴᠦ ᠪᠠᠢᠪᠠᠯ ᠲᠤᠯᠤᠭᠠᠢ ᠶᠢᠨ ᠤᠷᠤᠢ ᠶᠢᠨ ᠰᠤᠳᠠᠯ ᠪᠤᠶᠤ ᠬᠤᠶᠠᠷ ᠴᠠᠬᠢᠨ ᠤ ᠠᠷᠤ ᠳᠠᠬᠢ ᠰᠤᠳᠠᠯ ᠢ | ᠬᠢᠮᠦᠰᠦ ᠪᠠᠷ ᠢᠶᠠᠨ 3 ᠮᠢᠨᠦ᠋ᠲ ᠲᠠᠷᠤᠨ᠎ᠠ ᠃ ᠡᠨᠡ ᠮᠡᠳᠦ ᠪᠠᠷ ᠠᠷᠤ ᠠᠷᠤ ᠠᠴᠠ ᠨᠢ 3 ᠤᠳᠠᠭ᠎ᠠ ᠲᠠᠷᠤᠪᠠᠯ ᠡᠪᠡᠳᠬᠦ ᠨᠢ ᠨᠠᠮᠳᠠᠳᠠᠭ ᠃ | 5 ᠂ ᠰᠢᠳᠦᠨ ᠤ ᠡᠪᠡᠳᠴᠢᠨ ᠳᠤ ᠭᠠᠭᠴᠠ ᠲᠤᠯᠤᠭᠠᠢ ᠰᠠᠷᠢᠮᠰᠠᠭ ᠢ ᠨᠢᠴᠠᠯᠵᠤ ᠂ ᠶᠤᠤᠮᠠᠢ ᠶᠢᠨ ᠭᠤᠯᠢᠷ ᠲᠠᠢ ᠬᠠᠮᠳᠦ ᠰᠢᠩᠭᠡᠨ ᠵᠢᠭᠤᠷᠠᠭᠠᠳ ᠡᠪᠡᠳᠴᠦ ᠪᠠᠢᠭ᠎ᠠ | ᠲᠠᠯ᠎ᠠ ᠶᠢᠨ ᠬᠠᠴᠠᠷ ᠲᠡᠭᠡᠷ᠎ᠡ ᠬᠡᠳᠦ ᠤᠳᠠᠭ᠎ᠠ ᠰᠢᠪᠡᠵᠤ ᠨᠠᠭᠠᠪᠠᠯ ᠰᠢᠳᠦ ᠡᠪᠡᠳᠬᠦ ᠨᠢ ᠲᠠᠷᠤᠢ ᠵᠤᠭᠰᠤᠴᠢᠬᠠᠳᠠᠭ ᠂ ᠪᠠᠰᠠ ᠠᠷᠢᠬᠢ ᠬᠤᠯᠢᠭᠰᠠᠨ ᠴᠦ ᠪᠤᠯᠤᠨ᠎ᠠ ᠃ | | |