ᠬᠡᠣᠬᠡᠳ ᠤᠨ ᠢᠷᠦᠭᠡᠯ
ᠨᠡᠶᠢᠲᠡᠯᠡᠭᠰᠡᠨ ᠴᠠᠭ᠄
2023/9/21
ᠬᠡᠣᠬᠡᠳ ᠤᠨ ᠢᠷᠦᠭᠡᠯ                                ᠯᠤᠪᠰᠠᠩᠴᠡᠷᠢᠨ ᠤᠮ ᠰᠠᠶᠢᠨ ᠠᠮᠤᠭᠤᠯᠠᠩ ᠪᠤᠯᠳᠤᠭᠠᠢ︕ ᠡᠩᠭᠡ ᠰᠠᠶᠢᠨ ᠵᠢᠷᠭᠠᠯᠠᠩ ᠪᠤᠯᠳᠤᠭᠠᠢ︕ ᠬᠦᠭᠵᠢᠵᠤ ᠪᠠᠶᠢᠭ᠎ᠠ ᠲᠦᠷᠦ ᠶᠢᠨ ᠢᠶᠠᠨ ᠬᠦᠨᠳᠤ ᠨᠠᠶᠢᠳᠠᠪᠤᠷᠢ ᠶᠢ ᠬᠦᠯᠢᠶᠡᠭᠰᠡᠨ ᠬᠦᠰᠡᠯᠡᠩᠲᠤ ᠴᠠᠭ ᠤᠨ ᠰᠠᠶᠢᠬᠠᠨ ᠢ ᠬᠦᠷᠲᠡᠬᠦ ᠬᠤᠪᠢ ᠲᠠᠢ ᠬᠡᠤᠬᠡᠳ ᠤᠳ ᠮᠢᠨᠢ ᠰᠢᠨᠡᠳᠴᠤ ᠪᠠᠶᠢᠭ᠎ᠠ ᠲᠦᠷᠦ ᠶᠢᠨ ᠢᠶᠠᠨ ᠰᠢᠨ᠎ᠡ ᠨᠠᠶᠢᠳᠠᠪᠤᠷᠢ ᠶᠢ ᠬᠦᠯᠢᠶᠡᠭᠰᠡᠨ ᠰᠢᠨᠵᠢᠯᠡᠬᠦ ᠮᠡᠷᠭᠡᠵᠢᠯ ᠤᠨ ᠰᠠᠶᠢᠬᠠᠨ ᠢ ᠰᠢᠩᠭᠡᠭᠡᠬᠦ ᠬᠤᠪᠢ ᠲᠠᠢ ᠬᠡᠣᠬᠡᠳ ᠤᠳ ᠮᠢᠨᠢ ᠡᠴᠢᠭᠡ ᠶᠢᠨ ᠭᠤᠯᠤᠮᠳᠠ ᠶᠢ ᠬᠡᠶᠢᠬᠦᠯᠵᠤ ᠡᠷ᠎ᠡ ᠶᠢᠨ ᠰᠠᠶᠢᠬᠠᠨ ᠳᠤ ᠬᠢᠯᠠᠯᠵᠠᠬᠤ ᠢᠰᠡᠭᠡᠢ ᠭᠡᠷ ᠲᠤ ᠲᠦᠷᠦᠭᠰᠡᠨ ᠡᠷᠭᠡ ᠬᠦᠤ ᠪᠠᠨ ᠢᠷᠦᠭᠡᠮᠤ ᠠᠪᠤ ᠡᠵᠢ ᠪᠠᠨ ᠬᠦᠨᠳᠤᠯᠡᠵᠤ ᠶᠠᠪᠤ ᠠᠬ᠎ᠠ ᠲᠡᠭᠦᠤ ᠰᠠᠳᠤᠨ ᠢᠶᠠᠨ ᠬᠠᠶᠢᠷᠠᠯᠠᠵᠤ ᠶᠠᠪᠤ ᠠᠨᠳᠠ ᠨᠦᠭᠦᠳ ᠲᠠᠢ ᠪᠠᠨ ᠪᠦᠯᠬᠦᠮᠳᠡᠵᠤ ᠶᠠᠪᠤ ᠠᠶᠢᠯ ᠰᠠᠭᠠᠬᠠᠯᠲᠠ ᠲᠠᠢ ᠪᠠᠨ ᠡᠪ ᠲᠠᠢ ᠶᠠᠪᠤ ᠪᠤᠯᠠᠭᠠᠨ ᠲᠤᠷᠤᠭᠤ ᠬᠡᠶᠢᠰᠬᠡᠵᠤ ᠶᠠᠪᠤ ᠪᠤᠯᠲᠤ ᠤᠯᠠᠨ ᠳᠤ ᠪᠠᠨ ᠮᠠᠭᠲᠠᠭᠳᠠᠵᠤ ᠶᠠᠪᠤ ᠪᠤᠶᠠᠨ ᠭᠡᠰᠢᠭ ᠴᠢᠨᠢ ᠨᠡᠮᠡᠭᠳᠡᠵᠤ ᠶᠠᠪᠤ ᠪᠤᠭᠤᠷᠤᠯ ᠪᠤᠯᠳᠠᠯ᠎ᠠ ᠪᠠᠨ ᠵᠢᠷᠭᠠᠵᠤ ᠶᠠᠪᠤ ᠦᠭᠡᠳᠡᠯᠡᠵᠤ ᠪᠠᠶᠢᠭ᠎ᠠ ᠲᠦᠷᠤ ᠶᠢᠨ ᠢᠶᠠᠨ ᠴᠡᠴᠡᠭ ᠨᠢ ᠪᠤᠯᠤᠭᠰᠠᠨ ᠬᠤᠶᠢᠴᠢᠰ ᠦᠳᠡᠯᠦᠭᠡ ᠪᠤᠭᠤᠷᠤᠯ ᠨᠠᠰᠤᠳᠠᠳ ᠤᠨ ᠢᠶᠠᠨ ᠴᠢᠮᠡᠭ ᠨᠢ ᠪᠤᠯᠤᠭᠰᠠᠨ ᠦᠷᠡᠰ ᠮᠠᠨᠳᠤᠵᠤ ᠪᠠᠶᠢᠭ᠎ᠠ ᠲᠦᠷᠤ ᠶᠢᠨ ᠢᠶᠠᠨ ᠦᠩᠭᠡ ᠨᠢ ᠪᠤᠯᠤᠭᠰᠠᠨ ᠬᠤᠶᠢᠴᠢᠰ ᠮᠠᠷᠭᠠᠰᠢ ᠶᠢᠨ ᠰᠠᠶᠢᠬᠠᠨ ᠢᠷᠡᠭᠡᠲᠤᠢ ᠶᠢᠨ ᠢᠶᠠᠨ ᠦᠷᠯᠦᠭᠡ ᠨᠢ ᠪᠤᠯᠤᠭᠰᠠᠨ ᠦᠷᠡᠰ ᠬᠦᠭᠡ ᠮᠤᠩᠭᠤᠯ ᠤᠨ ᠵᠠᠩᠰᠢᠯ ᠢᠶᠠᠷ ᠬᠦᠮᠤᠨ ᠤ ᠡᠰᠢ ᠶᠤᠰᠤᠨ ᠢᠶᠠᠷ ᠬᠦᠭᠡᠷᠦᠬᠦ᠋ᠢᠯᠡᠨ ᠰᠠᠨᠠᠵᠤ ᠦᠰᠭᠡᠭᠰᠡᠨ ᠬᠡᠤᠬᠡᠨ ᠦᠷ᠎ᠡ ᠪᠠᠨ ᠢᠷᠦᠭᠡᠮᠤ ᠰᠢᠨ᠎ᠡ ᠮᠡᠷᠭᠡᠵᠢᠯ ᠢ ᠰᠤᠷᠴᠤ ᠶᠠᠪᠤ ᠰᠢᠨᠵᠢᠯᠡᠬᠦ ᠤᠬᠠᠭᠠᠨ ᠢ ᠡᠵᠡᠮᠰᠢᠵᠤ ᠶᠠᠪᠤ ᠰᠢᠯᠢᠳᠡᠭ ᠠᠮᠵᠢᠯᠳᠠ ᠭᠠᠷᠭᠠᠵᠤ ᠶᠠᠪᠤ ᠰᠢᠨᠳᠠᠷᠠᠰᠢ ᠦᠭᠡᠢ ᠴᠢᠷᠮᠠᠶᠢᠵᠤ ᠶᠠᠪᠤ ᠨᠠᠷᠠᠨ ᠳᠤ ᠠᠳᠠᠯᠢ ᠭᠡᠷᠡᠯᠳᠤᠵᠤ ᠶᠠᠪᠤ ᠨᠠᠪᠴᠢᠨ ᠳᠤ ᠠᠳᠠᠯᠢ ᠳᠡᠯᠭᠡᠷᠡᠵᠤ ᠶᠠᠪᠤ ᠨᠠᠶᠢᠮᠠᠨ ᠵᠦᠭ ᠲᠤ ᠪᠠᠨ ᠬᠦᠨᠳᠤᠯᠡᠬᠦᠯᠵᠤ ᠶᠠᠪᠤ ᠨᠠᠰᠤᠨ ᠲᠤᠷᠰᠢ ᠵᠢᠷᠭᠠᠵᠤ ᠶᠠᠪᠤ ᠰᠠᠷᠠᠨ ᠳᠤ ᠠᠳᠠᠯᠢ ᠰᠠᠴᠤᠷᠠᠵᠤ ᠶᠠᠪᠤ ᠰᠠᠮᠠᠭ᠎ᠠ ᠠᠳᠠᠯᠢ ᠳᠡᠯᠭᠡᠷᠡᠵᠤ ᠶᠠᠪᠤ ᠰᠠᠶᠢᠨ ᠰᠠᠶᠢᠬᠠᠨ ᠢ ᠦᠵᠡᠵᠤ ᠶᠠᠪᠤ ᠰᠠᠨᠠᠭ᠎ᠠ ᠲᠠᠶᠢᠪᠤᠩ ᠵᠢᠷᠭᠠᠵᠤ ᠶᠠᠪᠤ᠃ 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ