ᠤᠷᠤᠯᠳᠤᠭᠠᠨ ᠤ ᠮᠣᠷᠢ ᠶᠢ ᠤᠶᠠᠬᠤ ᠨᠠᠰᠤ ᠪᠠ ᠴᠠᠭ ᠤᠯᠠᠷᠢᠯ
ᠨᠡᠶᠢᠲᠡᠯᠡᠭᠰᠡᠨ ᠴᠠᠭ᠄
2023/9/21
          ᠶᠡᠷᠦ ᠳᠤ ᠪᠠᠨ ᠨᠠᠶᠢᠮᠠᠨ ᠨᠠᠰᠤᠨ ᠠᠴᠠ ᠳᠡᠭᠡᠭᠰᠢ ᠮᠣᠷᠢ ᠶᠢ ᠤᠷᠤᠯᠳᠤᠭᠠᠨ ᠳᠤ ᠣᠷᠤᠯᠴᠠᠭᠤᠯᠳᠠᠭ᠃ ᠤᠴᠢᠷ ᠨᠢ ᠠᠭᠲᠠ ᠮᠣᠷᠢ ᠨᠠᠶᠢᠮᠠ ᠠᠴᠠ ᠠᠷᠪᠠᠨ ᠵᠢᠷᠭᠤᠭ᠎ᠠ ᠨᠠᠰᠤᠯᠠᠲᠠᠯ᠎ᠠ ᠴᠢᠳᠠᠯ ᠲᠣᠷᠪᠢᠲᠠᠢ ᠪᠠᠶᠢᠳᠠᠭ ᠲᠤᠯᠠ ᠬᠤᠯᠠ ᠶᠢᠨ ᠤᠷᠤᠯᠳᠤᠭᠠᠨ ᠳᠤ ᠵᠣᠬᠢᠴᠡᠳᠠᠭ᠃ ᠵᠢᠷᠭᠤᠭᠠᠨ ᠨᠠᠰᠤᠲᠠᠢ ᠬᠠᠪᠴᠢᠭ ᠰᠣᠶᠤᠭᠠᠯᠠᠩ ᠮᠣᠷᠢ ᠶᠢ ᠤᠷᠤᠯᠳᠤᠭᠠᠨ ᠳᠤ ᠣᠷᠤᠯᠴᠠᠭᠤᠯᠳᠠᠭ ᠦᠭᠡᠢ᠃ ᠤᠴᠢᠷ ᠨᠢ ᠵᠢᠷᠭᠤᠭᠠᠨ ᠨᠠᠰᠤᠲᠠᠢ ᠬᠠᠪᠴᠢᠭ ᠰᠣᠶᠤᠭᠠᠯᠠᠩ ᠰᠢᠳᠦ ᠨᠢ ᠤᠷᠭᠤᠵᠤ ᠭᠦᠢᠴᠡᠭᠡᠳᠦᠢ᠃ ᠰᠢᠷᠪᠤᠰᠤ ᠰᠢᠨᠳᠠᠰᠤ ᠨᠢ ᠴᠢᠩᠭᠠᠷᠠᠭᠠᠳᠤᠢ᠂ ᠬᠦᠴᠦ ᠴᠢᠳᠠᠯ ᠪᠦᠷᠢᠳᠦᠭᠡᠳᠦᠢ ᠪᠠᠶᠢᠳᠠᠭ᠃ ᠬᠡᠷᠪᠡ ᠡᠨᠡ ᠦᠶ᠎ᠡ ᠳᠤ ᠬᠤᠯᠠ ᠶᠢᠨ ᠤᠷᠤᠯᠳᠤᠭᠠᠨ ᠳᠤ ᠣᠷᠤᠭᠤᠯᠪᠠᠯ ᠰᠢᠷᠪᠤᠰᠤᠨ ᠤ ᠤᠶᠠᠨ ᠬᠠᠳᠠᠨ ᠴᠢᠨᠠᠷ ᠨᠢ ᠮᠠᠭᠤᠲᠠᠵᠤ ᠶᠠᠰᠤᠨ ᠤ ᠪᠤᠶᠢᠵᠢᠯᠲᠠ ᠨᠢ ᠨᠦᠯᠦᠭᠡᠯᠡᠭᠳᠡᠭᠡᠳ ᠨᠢᠭᠡ ᠯᠠ ᠵᠢᠯ ᠤᠨ ᠭᠦᠶᠦᠯᠲᠡ ᠲᠠᠢ ᠪᠣᠯᠳᠠᠭ᠃ ᠶᠡᠷᠦ ᠠᠴᠠ ᠤᠷᠤᠯᠳᠤᠭᠠᠨ ᠳᠤ ᠣᠷᠣᠭᠰᠠᠨ ᠦᠭᠡᠢ ᠮᠣᠷᠢ ᠶᠢ ᠠᠷᠪᠠ ᠨᠠᠰᠤᠯᠠᠭᠰᠠᠨ ᠤ ᠳᠠᠷᠠᠭ᠎ᠠ ᠤᠷᠤᠯᠳᠤᠭᠠᠨ ᠳᠤ ᠣᠷᠤᠭᠤᠯᠪᠠᠯ ᠬᠡᠳᠦᠢ ᠬᠤᠷᠳᠤᠨ ᠮᠣᠷᠢ ᠪᠠᠶᠢᠭᠰᠠᠨ ᠴᠦ ᠬᠤᠯᠠ ᠭᠦᠶᠦᠵᠦ ᠴᠢᠳᠠᠬᠤ ᠦᠭᠡᠢ ᠪᠣᠯᠴᠢᠬᠠᠳᠠᠭ᠃ ᠡᠶᠢᠮᠦ ᠠᠴᠠ ᠮᠣᠩᠭᠤᠯᠴᠦᠳ ᠤᠨ ᠶᠠᠷᠢᠶᠠᠨ ᠳᠤ ᠤᠷᠤᠯᠳᠤᠭᠠᠨ ᠤ ᠮᠣᠷᠢ ᠶᠢ ︽ᠰᠣᠶᠤᠭᠠᠯᠠᠩ ᠳᠡᠭᠡᠷ᠎ᠡ ᠨᠢ ᠰᠦᠢᠵᠦ᠂ ᠭᠦᠢᠴᠡᠬᠦ ᠪᠠᠷ ᠨᠢ ᠭᠦᠶᠦᠯᠭᠡᠨ᠎ᠡ︾ ᠭᠡᠰᠡᠨ ᠦᠭᠡ ᠪᠠᠶᠢᠳᠠᠭ᠃ ᠵᠠᠷᠢᠮ ᠭᠠᠵᠠᠷ ︽ᠳᠣᠯᠤᠭᠠᠲᠠᠢ ᠳᠡᠭᠡᠷ᠎ᠡ ᠨᠢ ᠭᠦᠶᠦᠯᠭᠡᠪᠡᠯ ᠳᠣᠷᠦ᠋ᠢᠲᠠᠨ᠎ᠠ︾ ᠭᠡᠵᠦ ᠬᠡᠯᠡᠳᠡᠭ᠃       ᠮᠣᠩᠭᠤᠯ ᠣᠷᠤᠨ ᠳᠤ ᠮᠣᠷᠢᠨ ᠤ ᠤᠷᠤᠯᠳᠤᠭᠠᠨ ᠢ ᠣᠯᠠᠩᠬᠢ ᠳᠤ ᠪᠠᠨ ᠵᠣᠨ ᠤ ᠳᠡᠯᠭᠡᠷ ᠰᠠᠶᠢᠬᠠᠨ ᠴᠠᠭ ᠲᠤ ᠬᠢᠳᠡᠭ ᠵᠠᠩᠰᠢᠯ ᠲᠠᠢ᠃ ᠲᠤᠬᠠᠶᠢᠯᠠᠪᠠᠯ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠳ ᠠᠴᠠ ᠡᠬᠢᠯᠡᠵᠦ ᠳᠣᠯᠤᠭᠠᠨ ᠰᠠᠷ᠎ᠠ ᠬᠦᠷᠲᠡᠯᠡᠬᠢ ᠬᠤᠭᠤᠴᠠᠭᠠᠨ ᠳᠤ ᠨᠠᠶᠢᠷ ᠨᠠᠭᠠᠳᠤᠮ ᠳᠠᠬᠢᠯᠭ᠎ᠠ ᠮᠦᠷᠭᠦᠯ ᠬᠢᠵᠦ ᠮᠣᠷᠢ ᠤᠷᠤᠯᠳᠤᠭᠤᠯᠳᠠᠭ᠃ ᠥᠭᠡᠷ᠎ᠡ ᠪᠠᠷ ᠬᠡᠯᠡᠪᠡᠯ ᠣᠯᠠᠨ ᠤᠳᠠᠭ᠎ᠠ ᠤᠷᠤᠯᠳᠤᠭᠠᠨ ᠳᠤ ᠣᠷᠤᠯᠴᠠᠵᠤ ᠥᠩᠭᠡᠷᠡᠭᠰᠡᠨ ᠰᠤᠷᠮᠠᠭᠠᠢ ᠮᠣᠷᠢᠳ ᠪᠣᠶᠤ ᠠᠷᠠᠰᠤ ᠨᠢᠮᠭᠡᠨ᠂ ᠶᠠᠰᠤ ᠨᠠᠷᠢᠨ᠂ ᠪᠡᠶ᠎ᠡ ᠬᠦᠩᠭᠡᠨ ᠮᠣᠷᠢᠳ ᠢ ᠤᠷᠤᠯᠳᠤᠭᠠᠨ ᠳᠤ ᠣᠷᠤᠯᠴᠠᠭᠤᠯᠬᠤ ᠠᠴᠠ ᠡᠮᠦᠨ᠎ᠡ ᠠᠷᠪᠠᠨ ᠲᠠᠪᠤ ᠠᠴᠠ ᠬᠤᠷᠢᠨ ᠨᠢᠭᠡᠨ ᠡᠳᠥᠷ ᠬᠠᠭᠰᠠᠭᠠᠵᠤ᠂ ᠮᠢᠬ᠎ᠠ ᠶᠡᠬᠡᠲᠡᠢ ᠠᠷᠠᠰᠤ ᠵᠤᠵᠠᠭᠠᠨ᠂ ᠬᠤᠷ ᠲᠠᠷᠭᠤ ᠲᠠᠢ᠂ ᠬᠥᠬᠡ ᠮᠢᠬ᠎ᠠ ᠲᠠᠢ ᠰᠢᠨ᠎ᠡ ᠪᠠᠷ ᠰᠣᠷᠢᠬᠤ ᠮᠣᠷᠢᠳ ᠢ ᠤᠷᠤᠯᠳᠤᠭᠠᠨ ᠳᠤ ᠣᠷᠤᠯᠴᠠᠬᠤ ᠠᠴᠠ ᠡᠮᠦᠨ᠎ᠡ 20 - 25 ᠡᠳᠥᠷ ᠤᠶᠠᠵᠤ ᠰᠦᠢᠯᠭ᠎ᠠ ᠣᠷᠤᠭᠤᠯᠳᠠᠭ᠂ 25 ᠬᠤᠨᠤᠭ ᠬᠡᠲᠦᠷᠡᠪᠡᠯ ᠤᠶᠠᠭ᠎ᠠ ᠬᠡᠲᠦᠷᠡᠨ᠎ᠡ ᠭᠡᠵᠦ ᠬᠡᠯᠡᠳᠡᠭ᠃ ᠭᠡᠪᠡᠴᠦ ᠲᠠᠷᠭᠤᠨ ᠴᠠᠭ ᠤᠨ ᠮᠣᠷᠢ ᠶᠢ ᠰᠦᠢᠬᠤ ᠴᠠᠭ ᠢ ᠬᠡᠲᠦᠷᠬᠡᠢ ᠣᠬᠤᠷ ᠪᠠᠶᠢᠯᠭᠠᠵᠤ ᠪᠣᠯᠬᠤ ᠦᠭᠡᠢ᠂ ᠰᠦᠢᠬᠤ ᠴᠠᠭ ᠨᠢ ᠳᠡᠩᠳᠡᠭᠦᠦ ᠣᠬᠤᠷ ᠪᠣᠯ ᠵᠥᠪᠬᠡᠨ ᠮᠣᠷᠢ ᠶᠢ ᠦᠯᠦᠰᠭᠡᠵᠦ ᠭᠡᠳᠡᠰᠦ ᠶᠢ ᠨᠢ ᠬᠤᠭᠤᠰᠤᠯᠠᠬᠤ ᠠᠴᠠ ᠪᠢᠰᠢ ᠣᠯᠢᠭᠲᠠᠢ ᠰᠠᠶᠢᠨ ᠰᠦᠢᠯᠭ᠎ᠠ ᠣᠷᠤᠭᠤᠯᠵᠤ ᠴᠢᠳᠠᠳᠠᠭ ᠦᠭᠡᠢ᠃ ᠪᠠᠭᠴᠠᠯᠠᠭᠠᠳ ᠬᠡᠯᠡᠪᠡᠯ ᠬᠦᠴᠦ ᠲᠠᠷᠭᠤ ᠰᠠᠶᠢᠲᠠᠢ ᠮᠣᠷᠢ ᠶᠢ 20 ᠬᠤᠨᠤᠭ ᠠᠴᠠ ᠳᠡᠭᠡᠭᠰᠢ᠂ ᠡᠴᠡᠩᠬᠡᠢ ᠮᠣᠷᠢ ᠶᠢ ᠠᠷᠪᠠ ᠶᠢᠰᠦᠨ ᠬᠤᠨᠤᠭ ᠠᠴᠠ ᠬᠡᠲᠦᠷᠡᠭᠦᠯᠬᠦ ᠦᠭᠡᠢ ᠤᠶᠠᠵᠤ ᠤᠶᠠᠭ᠎ᠠ ᠰᠦᠢᠯᠭ᠎ᠠ ᠣᠷᠤᠭᠤᠯᠳᠠᠭ ᠶᠤᠮ᠃ 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ