ᠮᠣᠩᠭᠤᠯᠴᠣᠳ ᠤᠨ ᠣᠯᠠᠮᠵᠢᠯᠠᠯᠳᠣ ᠠᠮᠢ ᠠᠬᠤᠢ ᠶᠢᠨ ᠴᠡᠭᠡᠷ ᠶᠣᠰᠣᠠ
ᠨᠡᠶᠢᠲᠡᠯᠡᠭᠰᠡᠨ ᠴᠠᠭ᠄
2023/9/21
     ᠮᠣᠩᠭᠤᠯᠴᠣᠳ ᠵᠢᠯ ᠤᠨ ᠲᠥᠷᠪᠡᠡ ᠣᠯᠠᠷᠢᠯ ᠳᠤ ᠨᠡᠭᠦᠳᠡᠯᠯᠡᠡ ᠮᠠᠯᠵᠢᠬᠤ ᠠᠮᠢᠳᠣᠷᠠᠯ ᠢ ᠬᠢᠵᠥ᠂ ᠪᠠᠶᠢᠭᠠᠯᠢ ᠲᠠᠢ ᠰᠢᠭᠤᠳ ᠬᠠᠷᠢᠯᠴᠠᠬᠤ ᠲᠣᠮᠳᠠ ᠪᠠᠶᠢᠭᠠᠯᠢ ᠯᠤᠭ᠎ᠠ ᠲᠥᠰᠢᠯᠴᠡᠭᠦ ᠬᠠᠷᠢᠴᠠᠭ᠎ᠠ ᠶᠢ ᠲᠠᠨᠢᠨ ᠮᠡᠳᠡᠵᠥ᠂ ᠪᠠᠶᠢᠭᠠᠯᠢ ᠠᠬᠤᠢ ᠶᠢᠨ ᠬᠠᠷᠢᠴᠠᠭ᠎ᠠ ᠶᠢ ᠲᠣᠬᠢᠷᠠᠭᠤᠯᠬᠤ ᠮᠠᠰᠢ ᠠᠷᠪᠢᠨ ᠴᠡᠭᠡᠷ ᠶᠣᠰᠣ ᠶᠢ ᠡᠭᠦᠳᠥᠭᠰᠡᠡ ᠪᠠᠶᠢᠳᠠᠭ᠃ ᠡᠭᠦᠨ ᠤ ᠬᠠᠮᠳᠣ ᠴᠡᠭᠡᠷ ᠶᠣᠰᠣ ᠨᠢ ᠮᠣᠩᠭᠤᠯᠴᠣᠳ ᠤᠨ ᠭᠤᠶᠢᠪᠢᠰᠢ ᠥᠭᠡᠢ ᠢᠳᠡᠭᠡᠯ ᠪᠢᠰᠢᠷᠡᠯ ᠪᠠ ᠶᠣᠰᠣ ᠰᠣᠷᠳᠠᠬᠤᠠ ᠤ ᠵᠢᠷᠣᠮᠯᠠᠯ ᠪᠣᠯᠵᠤ᠂ ᠡᠯ᠎ᠡ ᠵᠥᠢᠯ ᠤᠨ ᠴᠡᠭᠡᠷ ᠶᠣᠰᠣ ᠶᠢ ᠴᠢᠩᠭ᠎ᠠ ᠮᠥᠷᠳᠡᠡ ᠰᠠᠬᠢᠬᠤ ᠨᠢ ᠮᠣᠩᠭᠤᠯ ᠬᠥᠮᠥᠨ ᠨᠢᠭᠡᠪᠥᠷᠢ ᠶᠢᠨ ᠶᠡᠷᠥᠳᠡ ᠶᠢᠨ ᠵᠠᠩ ᠵᠠᠩᠰᠢᠯ ᠪᠣᠯᠵᠠᠢ᠃ ᠡᠨᠡ ᠨᠢ ᠲᠠᠯ᠎ᠠ ᠨᠣᠳᠤᠭ ᠤᠨ ᠠᠮᠢ ᠠᠬᠤᠢ ᠶᠢ ᠬᠠᠮᠠᠭᠠᠯᠠᠬᠤ ᠳᠤ ᠪᠣᠰᠣᠳ ᠶᠠᠮᠠᠷᠪᠠ ᠬᠠᠣᠯᠢ ᠴᠠᠭᠠᠵᠠ᠂ ᠲᠥᠷᠢᠮ ᠲᠣᠭᠳᠠᠭᠠᠯ ᠲᠠᠢ ᠠᠳᠠᠯᠢᠳᠬᠠᠰᠢ ᠥᠭᠡᠢ ᠢᠳᠡᠪᠬᠢ ᠥᠢᠯᠡᠳᠥᠯ ᠥᠵᠡᠭᠦᠯᠵᠡᠢ᠃      ᠲᠠᠯ᠎ᠠ ᠨᠣᠳᠤᠭ ᠤᠨ ᠡᠪᠡᠰᠥ ᠪᠡᠯᠴᠢᠭᠡᠷ ᠢ ᠬᠠᠮᠠᠭᠠᠯᠠᠬᠤ ᠣᠢ ᠮᠣᠳᠣ ᠶᠢ ᠬᠠᠮᠠᠭᠠᠯᠠᠬᠤ ᠭᠠᠯ ᠢ ᠰᠡᠷᠭᠡᠶᠢᠯᠡᠬᠦ ᠴᠡᠭᠡᠷ ᠶᠣᠰᠣᠠ      ᠮᠣᠩᠭᠤᠯᠴᠣᠳ ᠲᠦᠮᠠᠨ ᠪᠣᠳᠠᠰ ᠪᠥᠬᠦᠨ ᠴᠥᠮ ᠣᠡᠭᠭᠤᠳ ᠰᠠᠬᠢᠭᠤᠰᠣ ᠲᠠᠢ ᠭᠡᠵᠥ ᠥᠵᠡᠳᠡᠭ ᠲᠣᠯᠠ ᠠᠭᠤᠯᠠ ᠣᠰᠣ ᠪᠠᠨ ᠲᠣᠷ᠎ᠠ ᠲᠠᠪᠠ ᠪᠠᠷ ᠢᠶᠠᠨ ᠡᠪᠳᠡᠡ ᠰᠥᠢᠳᠭᠡᠪᠡᠯ ᠣᠡᠭᠭᠤᠳ ᠰᠠᠬᠢᠭᠤᠰᠣ ᠶᠢ ᠨᠢ ᠬᠢᠯᠢᠩᠨᠡᠭᠦᠯᠵᠥ᠂ ᠡᠭᠦᠨ ᠠᠴᠠ ᠪᠣᠯᠵᠤ ᠭᠠᠢ ᠪᠠᠷᠴᠢᠳ ᠲᠤ ᠣᠴᠠᠷᠠᠬᠤ ᠪᠣᠯᠣᠨ᠎ᠠ ᠭᠡᠵᠥ ᠢᠳᠡᠭᠡᠳᠡᠭ᠃ ᠡᠪᠡᠰᠥ ᠪᠡᠯᠴᠢᠭᠡᠷ᠂ ᠣᠢ ᠮᠣᠳᠣ᠂ ᠠᠷᠢᠶᠠᠳᠠᠠ ᠵᠢᠭᠦᠷᠳᠡᠡ ᠵᠡᠷᠭᠡ ᠪᠣᠯ ᠴᠥᠮ ᠠᠭᠤᠯᠠ ᠣᠰᠣᠠ ᠤ ᠣᠡᠭᠭᠤᠳ ᠰᠠᠬᠢᠭᠤᠰᠣ ᠶᠢᠨ ᠬᠢ ᠪᠥᠭᠡᠳ ᠠᠷᠢᠶᠠᠳᠠᠠ ᠵᠢᠭᠦᠷᠳᠡᠡ ᠨᠢ ᠠᠭᠤᠯᠠ ᠣᠰᠣᠠ ᠤ ᠰᠠᠬᠢᠭᠤᠰᠣ ᠶᠢᠨ ᠰᠣᠶᠣᠷᠬᠠᠯ ᠭᠡᠵᠥ ᠥᠵᠡᠳᠡᠭ᠃ ᠡᠶᠢᠮᠥ ᠠᠴᠠ ᠣᠪᠣᠭᠠᠠ ᠤ ᠣᠶᠢᠢᠷ᠎ᠠ ᠬᠠᠪᠢ ᠳᠠᠬᠢ ᠬᠥᠷᠥᠰᠥ ᠰᠢᠷᠥᠢ ᠶᠢ ᠮᠠᠯᠳᠠᠬᠤ᠂ ᠡᠪᠡᠰᠥ ᠮᠣᠳᠣ ᠶᠢ ᠬᠥᠡᠳᠡᠬᠦ᠂ ᠠᠷᠢᠶᠠᠳᠠᠠ ᠵᠢᠭᠦᠷᠳᠡᠡ ᠢ ᠠᠩᠨᠠᠵᠤ ᠬᠥᠷᠥᠭᠡᠯᠡᠬᠦ ᠶᠢ ᠴᠡᠭᠡᠷᠯᠡᠳᠡᠭ᠃ ᠣᠪᠣᠭᠠᠠ ᠲᠡᠭᠡᠷᠡᠬᠢ ᠡᠪᠡᠰᠥ ᠮᠣᠳᠣ ᠶᠢ ᠲᠣᠷ᠎ᠠ ᠪᠠᠷ ᠢᠶᠠᠨ ᠬᠥᠳᠡᠯᠭᠡᠬᠦ᠂ ᠣᠪᠣᠭᠠᠠ ᠤ ᠣᠶᠢᠢᠷᠠᠯᠴᠠᠭᠠᠬᠢ ᠨᠠᠭᠤᠷ ᠪᠥᠷᠢᠳᠥ ᠳᠠᠬᠢ ᠵᠢᠭᠠᠰᠣ ᠵᠢᠷᠠᠭᠠᠬᠠᠢ ᠶᠢ ᠱᠥᠭᠦᠬᠦ ᠶᠢ ᠴᠡᠭᠡᠷᠯᠡᠳᠡᠭ ᠃      ᠣᠢ ᠮᠣᠳᠣ ᠶᠢ ᠰᠥᠨᠡᠰᠥ ᠲᠠᠢ ᠠᠮᠢ ᠭᠤᠣᠯ ᠲᠠᠢ ᠭᠡᠵᠥ ᠥᠵᠡᠵᠥ ᠰᠢᠳᠥᠨ ᠪᠢᠰᠢᠷᠡᠳᠡᠭ ᠠᠴᠠ ᠲᠠᠯ᠎ᠠ ᠨᠣᠳᠤᠭ ᠂ ᠪᠡᠯᠴᠢᠭᠡᠷ ᠬᠠᠳᠣᠯᠠᠩ ᠳᠠᠬᠢ ᠣᠢ ᠮᠣᠳᠣ ᠶᠢ ᠬᠠᠶᠢᠷᠠᠯᠠᠠ ᠬᠠᠮᠠᠭᠠᠯᠠᠬᠤ ᠶᠢ ᠣᠠᠴᠠ ᠠᠩᠬᠠᠷᠣᠠ ᠮᠣᠳᠣ ᠶᠢ ᠣᠭᠳᠣᠯᠬᠤ᠂ ᠥᠷ᠎ᠡ ᠵᠢᠮᠢᠰ ᠲᠡᠭᠦᠬᠦ᠂ ᠲᠥᠯᠡᠭᠡ ᠲᠡᠬᠦᠭᠦ ᠴᠡᠭᠡᠷ ᠶᠣᠰᠣ ᠣᠯᠠᠠ ᠪᠠᠶᠢᠳᠠᠭ᠃ ᠲᠣᠬᠠᠶᠢᠢᠯᠠᠪᠠᠯ ᠭᠠᠭᠴᠠ ᠮᠣᠳᠣ ᠶᠢ ᠣᠭᠳᠣᠯᠬᠤ ᠶᠢ ᠴᠡᠭᠡᠷᠯᠡᠳᠡᠭ᠃ ᠭᠤᠤ ᠶᠢᠨ ᠠᠮᠠ᠂ ᠥᠶᠡᠷ ᠤᠨ ᠵᠠᠮ᠂ ᠮᠠᠩᠬᠠᠠ ᠲᠣᠬᠤ᠂ ᠵᠣ ᠬᠥᠳᠥᠯ ᠲᠡᠭᠡᠷ᠎ᠡ ᠣᠷᠭᠤᠭᠰᠠᠠ ᠮᠣᠳᠣ ᠶᠢ ᠣᠭᠳᠣᠯᠬᠤ ᠶᠢ ᠴᠡᠭᠡᠷᠯᠡᠳᠡᠭ᠃ ᠥᠷ᠎ᠡ ᠵᠢᠮᠢᠰ ᠲᠡᠭᠦᠬᠦ ᠳᠤ ᠮᠣᠳᠣᠠ ᠤ ᠰᠠᠯᠠᠭ᠎ᠠ ᠮᠥᠴᠢᠷ ᠢ ᠬᠤᠭᠤᠯᠵᠤ ᠪᠣᠯᠬᠤ ᠥᠭᠡᠢ᠃ ᠲᠥᠯᠡᠰᠢ ᠰᠢᠳᠠᠭᠠᠯᠭ᠎ᠠ ᠲᠡᠭᠦᠭᠦ ᠳᠤ ᠵᠥᠪᠬᠡᠡ ᠬᠠᠳᠠᠵᠣ ᠬᠤᠪᠠᠭ᠋ᠠᠶᠢᠷᠠᠭᠰᠠᠠ ᠰᠠᠯᠠᠭ᠎ᠠ ᠮᠥᠴᠢᠷ ᠢ ᠯᠠ ᠲᠡᠭᠦᠳᠡᠭ᠃ ᠱᠠᠩᠰᠢ ᠮᠣᠳᠣ ᠶᠢ ᠣᠭᠳᠣᠯᠵᠤ ᠰᠥᠢᠳᠬᠡᠪᠡᠯ ᠠᠭᠤᠯᠠ ᠣᠰᠣᠠ ᠤ ᠣᠡᠭᠭᠤᠳ ᠰᠠᠬᠢᠭᠤᠰᠣ ᠶᠢ ᠬᠢᠯᠢᠩᠨᠡᠭᠦᠯᠥᠨ᠎ᠡ ᠭᠡᠳᠡᠭ᠃       ᠨᠡᠭᠦᠳᠡᠯᠯᠡᠬᠦ ᠳᠡᠭᠡᠨ ᠪᠠᠭᠤᠷᠢ ᠰᠠᠭᠤᠷᠢ ᠪᠠᠨ ᠰᠠᠶᠢᠳᠣᠷ ᠴᠡᠪᠡᠷᠯᠡᠵᠥ᠂ ᠬᠤᠭ ᠨᠣᠪᠰᠢ ᠪᠠᠨ ᠭᠠᠵᠠᠷ ᠲᠤ ᠭᠥᠨ ᠪᠣᠯᠠᠨ᠎ᠠ᠂ ᠡᠰᠡ ᠲᠡᠭᠡᠪᠡᠯ ᠭᠠᠵᠠᠷ ᠤᠨ ᠰᠠᠬᠢᠭᠤᠰᠣ ᠶᠢ ᠠᠭᠤᠷᠯᠠᠭᠤᠯᠣᠨ᠎ᠠ ᠭᠡᠳᠡᠭ᠃ ᠭᠠᠯ ᠳᠤ ᠰᠥ᠋ ᠬᠢᠬᠦ ᠥᠭᠡᠢ᠃ ᠭᠠᠯ ᠳᠤ ᠪᠣᠵᠠᠷ ᠵᠥᠢᠯᠡᠰ ᠪᠠ ᠬᠤᠭ ᠰᠢᠳᠠᠭᠠᠬᠤ ᠥᠭᠡᠢ᠃ ᠭᠠᠯ ᠲᠡᠭᠡᠭᠦᠷ ᠠᠯᠬᠤᠵᠤ ᠭᠠᠷᠬᠤ᠂ ᠲᠣᠯᠭ᠎ᠠ ᠲᠡᠭᠡᠭᠦᠷ ᠠᠯᠬᠤᠵᠤ ᠭᠠᠷᠬᠤ ᠶᠢ ᠴᠡᠭᠡᠷᠯᠡᠨ᠎ᠡ᠃ ᠰᠣᠩᠭᠢᠨ᠎ᠠ ᠰᠠᠷᠢᠮᠰᠠᠭ ᠤᠨ ᠬᠠᠯᠢᠰᠣ ᠶᠢ ᠵᠣᠣᠬᠠᠠ ᠳᠤ ᠬᠢᠬᠦ ᠶᠢ ᠴᠡᠭᠡᠷᠯᠡᠨ᠎ᠡ᠃ ᠥᠨᠡᠰᠥᠨ ᠲᠡᠭᠡᠷ᠎ᠡ ᠰᠢᠭᠡᠬᠦ ᠶᠢ ᠴᠡᠭᠡᠷᠯᠡᠨ᠎ᠡ᠃      ᠣᠰᠣᠠ ᠤ ᠡᠬᠢ ᠪᠠᠶᠠᠯᠢᠬ ᠢ ᠬᠠᠮᠠᠭᠠᠯᠠᠬᠤ ᠴᠡᠭᠡᠷ ᠶᠣᠰᠣᠠ      ᠮᠣᠩᠭᠤᠯᠴᠣᠳ ᠤᠨ ᠲᠠᠷᠬᠠᠠ ᠰᠠᠭᠤᠷᠢᠰᠢᠵᠣ ᠪᠠᠶᠢᠭ᠎ᠠ ᠭᠠᠵᠠᠷ ᠨᠣᠳᠤᠭ ᠨᠢ ᠭᠠᠨᠭ᠌ ᠬᠠᠭᠤᠷᠠᠢ ᠪᠣᠶᠣ ᠵᠠᠷᠢᠮᠳᠠᠭ ᠬᠠᠭᠤᠷᠠᠢ ᠣᠷᠣᠠ ᠳᠤ ᠪᠠᠭᠳᠠᠵᠣ᠂ ᠬᠤᠷ᠎ᠠ ᠲᠣᠨᠣᠳᠠᠰᠣ ᠴᠥᠭᠡᠡ᠂ ᠣᠰᠣ ᠣᠮᠳᠠ ᠲᠣᠳᠠᠭᠳᠠᠳᠠᠭ ᠲᠣᠯᠠ ᠲᠡᠳᠡ ᠣᠰᠣ ᠶᠢ ᠠᠷᠪᠢᠯᠠᠬᠤ ᠪᠠ ᠭᠤᠣᠯ ᠤᠨ ᠣᠰᠣ᠂ ᠪᠣᠯᠠᠭ ᠤᠨ ᠣᠰᠣᠠ ᠤ ᠠᠷᠢᠭᠤᠠ ᠴᠡᠪᠡᠷ ᠢ ᠬᠠᠮᠠᠭᠠᠯᠠᠬᠤ ᠵᠠᠩᠰᠢᠯ ᠲᠠᠢ ᠪᠠᠶᠢᠵᠣ᠂ ᠣᠰᠣ ᠶᠢ ᠠᠮᠢ ᠨᠠᠰᠣᠠ ᠤ ᠡᠬᠢ ᠪᠣᠯᠠᠭ ᠭᠡᠵᠥ ᠥᠵᠡᠳᠡᠭ᠃      ᠠᠮᠢᠳᠠᠠ ᠵᠢᠭᠦᠷᠳᠡᠡ ᠤ ᠡᠬᠢ ᠪᠠᠶᠠᠯᠢᠬ ᠢ ᠬᠠᠮᠠᠭᠠᠯᠠᠬᠤ ᠶᠣᠰᠣᠠ      ᠮᠣᠩᠭᠤᠯᠴᠣᠳ ᠶᠡᠷᠥ ᠳᠡᠭᠡᠨ ᠬᠠᠪᠣᠷ ᠵᠣᠠ ᠠᠷᠢᠶᠠᠳᠠᠠ ᠵᠢᠭᠦᠷᠳᠡᠡ ᠤ ᠲᠥᠷᠥᠵᠥ ᠥᠷᠡᠵᠢᠬᠦ ᠴᠠᠭ ᠠᠩᠨᠠᠳᠠᠭ ᠥᠭᠡᠢ᠃ ᠰᠠᠷ᠎ᠠ ᠪᠥᠷᠢ ᠶᠢᠨ ᠰᠢᠨ᠎ᠡ ᠶᠢᠨ ᠨᠠᠶᠢᠮᠠᠠ᠂ ᠠᠷᠪᠠᠠ ᠲᠠᠪᠣᠠ᠂ ᠭᠤᠴᠢᠨ ᠳᠤ ᠠᠩᠨᠠᠬᠤ ᠶᠢ ᠴᠡᠭᠡᠷᠯᠡᠨ᠎ᠡ᠃      ᠬᠥᠷᠢᠶ᠎ᠡ ᠠᠪᠠ ᠬᠢᠬᠦ ᠳᠤ ᠬᠤᠮᠢᠵᠣ ᠠᠪᠴᠢᠷᠠᠭᠰᠠᠠ ᠠᠷᠢᠶᠠᠳᠠᠠ ᠢᠶᠠᠨ ᠲᠠᠭᠤᠰᠬᠠᠠ ᠠᠩᠨᠠᠳᠠᠭ ᠪᠢᠰᠢ᠂ ᠬᠠᠷᠢᠨ ᠶᠡᠬᠡᠨᠭᠬᠢ ᠶᠢ ᠨᠢ ᠲᠠᠯᠪᠢᠵᠣ ᠶᠠᠪᠣᠭᠤᠯᠳᠠᠭ᠃ ᠨᠢᠯᠬ᠎ᠠ ᠲᠥᠯ᠂ ᠬᠡᠭᠡᠯ ᠲᠠᠢ᠂ ᠬᠥᠬᠦᠬᠦᠯ ᠠᠮᠢᠳᠠᠠ ᠢ ᠠᠩᠨᠠᠬᠤ ᠥᠭᠡᠢ ᠮᠥᠷᠳᠡᠭᠡᠡ ᠰᠣᠴᠢᠭᠠᠠ ᠥᠷᠬᠦᠭᠡᠬᠦ ᠶᠢ ᠴᠤ ᠴᠡᠭᠡᠷᠯᠡᠨ᠎ᠡ᠂ ᠡᠰᠡ ᠲᠡᠭᠡᠪᠡᠯ ᠠᠡᠭ ᠤᠨ ᠲᠡᠭᠷᠢ ᠬᠠᠶᠠᠵᠣ ᠠᠷᠢᠶᠠᠳᠠᠠ ᠵᠢᠭᠦᠷᠳᠡᠡ ᠬᠤᠪᠣᠷᠳᠠᠨ᠎ᠠ ᠭᠡᠳᠡᠭ᠃      ᠴᠢᠨ᠋ᠸ᠎ᠠ᠂ ᠥᠨᠡᠭᠡ ᠶᠢ ᠬᠠᠷᠪᠣᠠ ᠠᠯᠠᠬᠤ ᠶᠢ ᠴᠡᠭᠡᠷᠯᠡᠳᠡᠭ᠃ ᠬᠠᠪᠬ᠎ᠠ ᠪᠠᠷ ᠬᠡᠷᠢᠶ᠎ᠡ ᠪᠠ ᠵᠠᠷᠠᠭ᠎ᠠ ᠶᠢ ᠠᠯᠠᠬᠤ ᠶᠢ ᠴᠡᠭᠡᠷᠯᠡᠳᠡᠭ᠂ ᠡᠭᠦᠨ ᠢ ᠠᠡᠭ ᠬᠤᠮᠰᠠᠳᠠᠵᠣ᠂ ᠣᠯᠵᠠ ᠥᠭᠡᠢ ᠬᠠᠷᠢᠬᠤ ᠶᠢᠨ ᠲᠡᠮᠳᠡᠭ ᠭᠡᠵᠥ ᠥᠵᠡᠳᠡᠭ᠃ ᠮᠠᠩᠭᠢᠰᠣ ᠪᠠ ᠵᠠᠷᠠᠭ᠎ᠠ ᠶᠢ ᠠᠯᠠᠬᠤ ᠶᠢ ᠴᠡᠭᠡᠷᠯᠡᠳᠡᠭ᠂ ᠡᠰᠡ ᠲᠡᠭᠡᠪᠡᠯ ᠲᠥᠷᠥᠯ ᠰᠠᠳᠣᠠ ᠨᠢ ᠬᠠᠷᠢᠶᠠᠯ ᠳᠤ ᠣᠴᠠᠷᠠᠨ᠎ᠠ ᠭᠡᠳᠡᠭ᠃ ᠥᠨᠡᠭᠡ ᠶᠢᠨ ᠨᠥᠬᠡ ᠶᠢ ᠮᠠᠯᠳᠠᠬᠤ ᠶᠢ ᠴᠡᠭᠡᠷᠯᠡᠳᠡᠭ᠃ ᠮᠣᠭᠠᠢ ᠶᠢ ᠠᠯᠠᠵᠣ ᠪᠣᠯᠬᠤ ᠥᠭᠡᠢ᠂ ᠡᠨᠡ ᠨᠢ ᠠᠮᠢ ᠨᠠᠰᠣᠠ ᠳᠤ ᠠᠶᠣᠯ ᠲᠣᠬᠢᠶᠠᠯᠳᠣᠬᠤ ᠮᠥᠷᠳᠡᠭᠡᠡ ᠠᠭᠤᠯᠠ ᠣᠰᠣᠠ ᠤ ᠣᠡᠭᠭᠤᠳ ᠰᠠᠬᠢᠭᠤᠯᠰᠣᠠ ᠢ ᠠᠭᠤᠷᠯᠠᠭᠤᠯᠣᠨ᠎ᠠ ᠭᠡᠳᠡᠭ᠃ ᠬᠤᠣᠰᠯᠠᠠ ᠨᠢᠰᠴᠥ ᠪᠠᠶᠢᠭ᠎ᠠ ᠵᠢᠭᠦᠷᠳᠡᠡ ᠢ ᠠᠩᠨᠠᠬᠤ ᠶᠢ ᠴᠡᠭᠡᠷᠯᠡᠳᠡᠭ᠃ ᠨᠡᠭᠦᠳᠡᠯ ᠤᠨ ᠰᠢᠪᠠᠭᠤ ᠶᠢ ᠠᠯᠠᠬᠤ ᠶᠢ ᠴᠡᠭᠡᠷᠯᠡᠳᠡᠭ᠃ ᠬᠤᠠ ᠭᠠᠯᠠᠭᠤ ᠶᠢ ᠪᠡᠯᠭᠡᠳᠥ ᠵᠢᠭᠦᠷᠳᠡᠡ ᠭᠡᠵᠥ ᠥᠵᠡᠵᠥ ᠠᠯᠠᠬᠤ ᠶᠢ ᠴᠡᠭᠡᠷᠯᠡᠳᠡᠭ᠃ ᠲᠣᠭᠤᠷᠣᠣ ᠶᠢ ᠥᠷᠭᠦᠭᠡᠵᠥ ᠰᠣᠴᠢᠭᠠᠬᠤ ᠪᠣᠶᠣ ᠡᠭᠦᠷ ᠥᠡᠳᠡᠭᠡ ᠳᠤᠨᠢ ᠣᠶᠢᠢᠷᠠᠳᠣᠬᠤ ᠶᠢ ᠴᠡᠭᠡᠷᠯᠡᠳᠡᠭ᠃ ᠰᠢᠪᠠᠭᠤᠠ ᠤ ᠡᠭᠦᠷ ᠢ ᠡᠪᠳᠡᠬᠦ ᠥᠭᠡᠢ᠂ ᠰᠢᠪᠠᠭᠤᠠ ᠤ ᠥᠡᠳᠡᠭᠡ ᠪᠠ ᠵᠣᠯᠵᠠᠭ᠎ᠠ ᠶᠢ ᠠᠪᠬᠤ ᠶᠢ ᠴᠡᠭᠡᠷᠯᠡᠳᠡᠭ᠃ 

生态.jpg

 

ᠢᠷᠡᠯᠲᠡ᠄ ᠠᠯᠠᠱᠠ ᠮᠣᠩᠭᠤᠯ ᠰᠦᠯᠵᠢᠶ᠎ᠡ