ᠴᠧᠩ ᠬᠤᠤ ᠶᠢᠨ ᠪᠠᠭᠤᠷᠢ ᠨᠢ ᠰᠢᠤᠸᠠᠢ ᠵᠢᠶᠠ ᠸᠠᠨ ᠪᠠᠯᠭᠠᠰᠤᠨ ᠤ ᠴᠧᠩ ᠬᠤᠤ ᠲᠣᠰᠬᠤᠨ ᠳᠤ ᠪᠤᠶ᠃ ᠤᠷᠲᠤ ᠳᠥᠷᠪᠡᠯᠵᠢᠨ ᠬᠡᠯᠪᠡᠷᠢ ᠲᠠᠢ᠂ ᠠᠰ | ᠡᠮᠦᠨᠡᠰᠢ ᠤᠮᠠᠷᠠᠰᠢ ᠴᠢᠭᠯᠡᠯ ᠲᠠᠢ᠂ ᠵᠡᠭᠦᠨᠰᠢ ᠪᠠᠷᠠᠭᠤᠨᠰᠢ ᠣᠷᠳᠣ ᠨᠢ 491 ᠮᠧᠲᠷ᠂ ᠡᠮᠦᠨᠡᠰᠢ ᠤᠮᠠᠷᠠᠰᠢ ᠥᠷᠭᠡᠨ ᠨᠢ 290 ᠮᠧᠲᠷ᠂ ᠲᠠᠯᠠᠪᠠᠶ ᠨᠢ 130985 | ᠲᠡᠭᠰᠢ ᠳᠥᠷᠪᠡᠯᠵᠢᠨ ᠮᠧᠲᠷ ᠪᠤᠢ᠃ ᠬᠤᠲᠠ ᠶᠢᠨ ᠬᠡᠷᠡᠮ ᠢ ᠬᠠᠩᠳᠠᠭᠰᠠᠨ ᠰᠢᠷᠣᠢ ᠶᠢᠨ ᠬᠠᠪᠲᠠᠰᠤ ᠪᠠᠷ ᠪᠠᠷᠢᠵᠤ᠂ ᠬᠠᠩᠳᠠᠭᠰᠠᠨ ᠳᠠᠪᠬᠤᠷᠭ᠎ᠠ ᠶᠢᠨ ᠵᠤᠵᠠᠭᠠᠨ ᠨᠢ | ᠪᠠᠷᠤᠭ 0.15 ᠮᠧᠲᠷ᠂ ᠰᠠᠭᠤᠷᠢ ᠶᠢᠨ ᠥᠷᠭᠡᠨ ᠨᠢ 1~2 ᠮᠧᠲᠷ᠂ ᠦᠯᠡᠳᠡᠭᠳᠡᠯ ᠥᠨᠳᠥᠷ ᠨᠢ 1~1.7 ᠮᠧᠲᠷ ᠪᠠᠶᠢᠳᠠᠭ᠃ ᠬᠤᠲᠠ ᠶᠢᠨ ᠪᠠᠭᠤᠷᠢ | ᠳᠣᠲᠣᠷ᠎ᠠ ᠪᠠᠷᠢᠯᠭ᠎ᠠ ᠶᠢᠨ ᠸᠠᠭᠠᠷ ᠲᠣᠭᠤᠰᠬ᠎ᠠ ᠵᠡᠷᠭᠡ ᠦᠯᠡᠳᠡᠭᠳᠡᠯ ᠡᠳ᠋ ᠲᠠᠢ᠂ ᠦᠨᠡᠰᠦᠨ ᠸᠠᠭᠠᠷ ᠤᠨ ᠬᠡᠯᠲᠡᠷᠬᠡᠢ ᠴᠤᠭᠯᠠᠭᠤᠯᠵᠤ᠂ ᠸᠠᠩ ᠮᠠᠩ ᠤᠨ ᠦᠶ᠎ᠡ ᠶᠢᠨ | ᠵᠣᠭᠤᠰ ᠵᠡᠷᠭᠡ ᠶᠢ ᠮᠠᠯᠲᠠᠵᠤ ᠭᠠᠷᠭᠠᠵᠠᠢ᠃ ᠬᠤᠲᠠ ᠶᠢᠨ ᠡᠮᠦᠨ᠎ᠡ 200 ᠮᠧᠲᠷ ᠤᠨ ᠭᠠᠵᠠᠷ ᠲᠤ ᠠᠳᠠᠯᠢᠬᠠᠨ ᠴᠠᠭ ᠦᠶ᠎ᠡ ᠶᠢᠨ ᠪᠤᠯᠠᠰᠢᠨ ᠭᠠᠵᠠᠷ ᠪᠤᠢ᠃ ᠮᠠᠯᠲᠠᠵᠤ | ᠭᠠᠷᠭᠠᠭᠰᠠᠨ ᠦᠯᠡᠳᠡᠭᠳᠡᠯ ᠢ ᠦᠨᠳᠦᠰᠦᠯᠡᠵᠦ᠂ ᠲᠤᠰ ᠬᠤᠲᠠ ᠶᠢᠨ ᠪᠠᠭᠤᠷᠢ ᠶᠢᠨ ᠴᠠᠭ ᠦᠶ᠎ᠡ ᠶᠢ ᠪᠠᠶᠢᠯᠳᠤᠭᠠᠨᠲᠤ ᠤᠯᠤᠰ᠂ ᠴᠢᠨ ᠤᠯᠤᠰ᠂ ᠬᠠᠨ ᠤᠯᠤᠰ ᠤᠨ | ᠦᠶ᠎ᠡ ᠭᠡᠵᠦ ᠠᠩᠬ᠎ᠠ ᠠᠯᠬᠤᠮ ᠮᠠᠭᠠᠳᠯᠠᠵᠠᠢ᠃ ᠬᠤᠳᠠ ᠶᠢᠨ ᠬᠡᠷᠡᠮ ᠪᠣᠯ ᠲᠤᠬᠠᠢ ᠶᠢᠨ ᠭᠠᠵᠠᠷ ᠤᠨ ᠬᠠᠮᠤᠭ ᠤᠨ ᠥᠨᠳᠥᠷ ᠭᠠᠵᠠᠷ ᠪᠣᠯᠣᠨ᠎ᠠ᠂ ᠲᠣᠰᠬᠤᠨ ᠤ | ᠠᠷᠠᠳ ᠤᠨ ᠭᠡᠷ ᠪᠠᠶᠢᠰᠢᠩ ᠪᠠᠷᠢᠬᠤ ᠳᠤ ᠴᠥᠮ ᠬᠤᠳᠠ ᠶᠢᠨ ᠬᠡᠷᠡᠮ ᠢᠶᠠᠷ ᠰᠠᠭᠤᠷᠢ ᠪᠣᠯᠭᠠᠵᠤ᠂ ᠮᠠᠯ ᠤᠨ ᠬᠠᠰᠢᠶ᠎ᠠ ᠬᠦᠷᠢᠶ᠎ᠠ ᠪᠠᠷᠢᠬᠤ ᠳᠤ ᠴᠤ ᠬᠤᠳᠠ ᠪᠠᠷ ᠰᠠᠭᠤᠷᠢ | ᠪᠣᠯᠭᠠᠬᠰᠠᠨ ᠢᠶᠠᠷ᠂ ᠬᠤᠳᠠ ᠶᠢᠨ ᠬᠡᠷᠡᠮ ᠬᠦᠨᠳᠦ ᠨᠣᠴᠢᠲᠠᠢ ᠡᠪᠳᠡᠭᠳᠡᠨ᠂ ᠬᠤᠳᠠ ᠶᠢᠨ ᠳᠤᠳᠤᠷᠠᠬᠢ ᠭᠠᠵᠠᠷ ᠢ ᠨᠢᠭᠡᠨᠲᠡ ᠲᠠᠷᠢᠶᠠᠨ ᠭᠠᠵᠠᠷ ᠪᠣᠯᠭᠠᠨ ᠨᠡᠭᠡᠭᠡᠵᠦ᠂ | ᠬᠤᠳᠠ ᠶᠢᠨ ᠲᠣᠭᠤᠷᠢᠭ ᠲᠤ ᠤᠯᠠᠨ ᠵᠦᠢᠯ ᠤᠨ ᠮᠣᠳᠣ ᠳᠠᠷᠢᠨ᠂ ᠬᠤᠳᠠ ᠶᠢᠨ ᠬᠦᠪᠡᠭᠡ ᠬᠢᠵᠠᠭᠠᠷ ᠨᠢ ᠪᠠᠯᠠᠷᠬᠠᠢ ᠪᠣᠯᠵᠠᠢ᠃ |