ᠠᠳᠤᠭᠤᠨ ᠤ ᠲᠤᠬᠠᠢ ᠴᠡᠭᠡᠷ ᠶᠤᠰᠤ
ᠨᠡᠶᠢᠲᠡᠯᠡᠭᠰᠡᠨ ᠴᠠᠭ᠄
2023/9/20
       ᠮᠤᠩᠭᠤᠯᠴᠤᠳ ᠪᠤᠷᠤᠭᠤ ᠲᠠᠯ᠎ᠠ ᠶᠢᠨ ᠲᠠᠮᠠᠭ᠎ᠠ ᠪᠤᠯ ᠪᠠᠷᠠᠭᠳᠠᠵᠦ ᠶᠠᠳᠠᠭᠤᠷᠠᠬᠤ ᠶᠢᠨ ᠲᠡᠮᠳᠡᠭ ᠭᠡᠵᠦ ᠦᠵᠡᠳᠡᠭ ᠪᠤᠯᠬᠤᠷ ᠠᠳᠤᠭᠤᠨ ᠤ ᠪᠤᠷᠤᠭᠤ ᠲᠠᠰᠢᠶᠠᠨ ᠲᠡᠭᠡᠷ᠎ᠠ ᠲᠠᠮᠠᠭ᠎ᠠ ᠲᠠᠷᠤᠳᠠᠭ ᠦᠭᠡᠢ ᠶᠤᠮ᠃ ᠠᠳᠤᠭᠤᠨ ᠤ ᠲᠠᠮᠠᠭ᠎ᠠ ᠪᠠᠨ ᠭᠠᠳᠠᠭ᠎ᠠ ᠠᠳᠡ ᠲᠡᠨᠳᠡ ᠬᠠᠶᠠᠬᠤ ᠶᠢ ᠴᠡᠭᠡᠷᠯᠡᠵᠦ᠂ ᠵᠠᠪᠠᠯ ᠮᠤᠩᠭᠤᠯ ᠭᠡᠷ ᠤᠨ ᠢᠶᠠᠨ ᠬᠤᠶᠢᠳᠦ ᠲᠠᠯ᠎ᠠ ᠶᠢᠨ ᠤᠨᠢᠨ ᠳᠤ ᠨᠢ ᠬᠠᠳᠠᠭ ᠪᠦᠰ ᠢᠶᠠᠷ ᠤᠷᠢᠶᠠᠵᠦ ᠬᠠᠪᠴᠢᠭᠤᠯᠤᠨ ᠬᠠᠳᠠᠭᠠᠯᠠᠨ᠎ᠠ᠃ ᠠᠳᠤᠭᠤ ᠲᠠᠮᠠᠭᠠᠯᠠᠬᠤ ᠦᠶ᠎ᠠ ᠳᠤ ᠭᠡᠷᠡᠭᠦᠯ ᠵᠤᠳᠤᠭᠠᠨ ᠭᠢᠭᠦ ᠶᠢ ᠴᠡᠭᠡᠷᠯᠡᠨ᠂ ᠪᠡᠯᠭᠡ ᠮᠠᠭᠤᠳᠠᠢ ᠭᠡᠵᠦ ᠦᠵᠡᠳᠡᠭ᠃ ᠬᠠᠶᠢᠷᠠᠳᠠᠢ ᠠᠬᠳᠠ ᠮᠤᠷᠢ ᠪᠠ ᠤᠡᠭᠭᠤᠯᠠᠵᠦ ᠲᠠᠷᠬᠠᠯᠠᠭᠰᠠᠨ ᠮᠤᠷᠢᠳ ᠢᠶᠠᠨ ᠬᠤᠳᠠᠯᠳᠤᠨ ᠶᠠᠪᠤᠭᠤᠯᠬᠤ ᠶᠢ ᠤᠨᠴᠠ ᠬᠢᠴᠢᠶᠡᠵᠦ᠂ ᠦᠭᠦᠨ ᠦᠭᠦᠳᠡᠯ᠎ᠠ ᠲᠤᠳᠤᠮᠳᠠᠨ ᠠᠷᠠᠴᠢᠯᠠᠳᠠᠭ᠃ ᠭᠡᠭᠡᠷ᠎ᠠ ᠭᠦᠳᠡᠭᠡ ᠶᠠᠪᠤᠵᠦ ᠪᠠᠶᠢᠬᠤ ᠳᠤ ᠮᠤᠷᠢᠨ ᠤ ᠬᠢᠯᠭᠠᠰᠦ ᠪᠠᠷ ᠬᠤᠯᠪᠤᠯᠳᠤᠭᠰᠠᠨ ᠬᠤᠮᠤᠯ ᠲᠠᠭᠠᠷᠠᠪᠠᠯ ᠲᠡᠭᠦᠵᠦ ᠠᠪᠤᠭᠠᠳ ᠮᠤᠩᠭᠤᠯ ᠭᠡᠷ ᠤᠨ ᠬᠠᠨ᠎ᠠ ᠶᠢᠨ ᠲᠤᠯᠤᠭᠠᠢ ᠠᠴᠠ ᠡᠯᠭᠦᠵᠦ ᠬᠠᠳᠠᠭᠠᠯᠠᠳᠠᠭ᠃ ᠡᠭᠦᠨ ᠢᠶᠠᠨ ᠠᠳᠤᠭᠤ ᠦᠷᠡᠵᠢᠭᠦ ᠶᠢᠨ ᠪᠡᠯᠭᠡ ᠲᠠᠮᠪᠠᠷᠢᠯ ᠢᠶᠠᠷ ᠦᠵᠡᠳᠡᠭ᠃ ᠮᠤᠩᠭᠤᠯᠴᠤᠳ ᠮᠤᠷᠢᠨ ᠳᠤ ᠪᠠᠨ ᠮᠤᠷᠳᠠᠬᠤ ᠳᠤ ᠭᠡᠵᠢᠶ᠎ᠠ ᠴᠦ ᠵᠦᠪᠳᠠᠢ ᠲᠠᠯ᠎ᠠ ᠠᠴᠠ ᠨᠢ ᠮᠤᠷᠳᠠᠵᠦ᠂ ᠵᠦᠪᠳᠠᠢ ᠲᠠᠯ᠎ᠠ ᠤᠷᠤᠭᠤ ᠨᠢ ᠪᠠᠭᠤᠳᠠᠭ᠃ ᠠᠳᠤᠭᠤ ᠶᠢ ᠨᠠᠮᠤᠷ ᠤᠨ ᠨᠠᠶᠢᠮᠠᠨ ᠰᠠᠷ᠎ᠠ ᠶᠢᠨ ᠰᠢᠨᠡᠳ ᠢᠶᠠᠷ ︽ᠨᠠᠮᠤᠷ ᠤᠨ ᠲᠠᠯᠠᠯᠭ᠎ᠠ ᠠᠪᠴᠦ ᠨᠤᠮ ᠤᠡᠭᠰᠢᠬᠤ︾ ᠦᠶ᠎ᠠ ᠳᠤ ᠲᠡᠭᠷᠢ ᠳᠤ ᠰᠡᠳᠡᠷᠯᠡᠳᠡᠭ ᠃ ᠰᠡᠳᠡᠷᠯᠡᠭᠦ ᠠᠳᠤᠭᠤᠨ ᠳᠤ ᠪᠠᠨ ᠠᠬᠢ ᠭᠦᠵᠢ ᠶᠢᠨ ᠰᠠᠩ ᠤᠭᠤᠭᠢᠭᠤᠯᠬᠤ ᠶᠢᠨ ᠬᠠᠮᠳᠦ ᠷᠠᠰᠢᠶᠠᠯᠠᠵᠦ᠂ ᠰᠡᠳᠡᠷ ᠢᠶᠠᠨ ᠵᠡᠭᠦᠯᠭᠡᠵᠦ᠂ ᠰᠦ ᠰᠠᠭᠠᠯᠢ ᠪᠠᠷ ᠮᠢᠯᠢᠶᠠᠭᠠᠳ ᠦᠡᠭᠭᠡ ᠵᠢᠰᠦᠮ᠂ ᠨᠠᠰᠦ ᠵᠢᠯ ᠢ ᠨᠢ ᠲᠠᠭᠤᠳᠠᠨ ᠠᠴᠢ ᠭᠠᠪᠢᠶ᠎ᠠ ᠶᠢ ᠨᠢ ᠮᠠᠬᠳᠠᠵᠦ᠂ ᠲᠡᠭᠷᠢ ᠳᠤ ᠲᠠᠭᠠᠳᠬᠠᠭᠠᠳ ᠰᠦᠷᠦᠭ ᠲᠤ ᠨᠢ ᠲᠠᠯᠪᠢᠳᠠᠭ᠃ ᠤᠡᠭᠭᠤᠨ ᠲᠠᠷᠬᠠᠨ ᠠᠳᠤᠭᠤᠨ ᠤ ᠪᠠᠨ ᠲᠡᠯ ᠰᠡᠭᠦᠯ ᠠᠴᠠ ᠠᠪᠴᠦ᠂ ᠬᠠᠳᠠᠭ ᠲᠤ ᠪᠤᠭᠤᠵᠦ᠂ ᠬᠠᠨ᠎ᠠ ᠶᠢᠨ ᠲᠤᠯᠤᠭᠠᠢ ᠳᠤ ᠡᠯᠭᠦᠨ ᠲᠠᠬᠢᠵᠦ᠂ ᠬᠠᠶᠢᠷᠠᠳᠠᠢ ᠮᠠᠯ ᠤᠨ ᠢᠶᠠᠨ ᠠᠴᠢ ᠲᠤᠰᠠ ᠶᠢ ᠲᠤᠷᠠᠰᠤᠨ ᠮᠦᠷᠦᠭᠡᠳᠭᠦ ᠰᠡᠳᠭᠢᠯ ᠢᠶᠠᠨ ᠢᠯᠡᠳᠭᠡᠳᠡᠭ ᠪᠢᠯᠡ᠃ 
骏马.webp.jpg
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ