︽ᠠᠶᠠᠭ᠎ᠠ︾ ᠭᠡᠭᠰᠡᠭᠡᠷ ︽ᠠᠶᠠᠭ᠎ᠠ ᠰᠠᠪᠠ︾᠂ ︽ᠮᠣᠳᠣᠨ ᠠᠶᠠᠭ᠎ᠠ︾᠂ ︽ᠮᠦᠩᠭᠦᠨ ᠠᠶᠠᠭ᠎ᠠ︾᠂ ︽ ᠠᠯᠲᠠᠨ ᠠᠶᠠᠭ᠎ᠠ︾ ᠁ ᠭᠡᠵᠦ | ᠠᠮᠢᠳᠤᠷᠠᠯ ᠤᠨ ᠬᠡᠷᠡᠭᠰᠡᠯ ᠲᠠᠢ ᠪᠠᠨ ᠬᠤᠯᠪᠣᠨ ᠪᠣᠳᠣᠬᠤ ᠪᠤᠶᠤ ︽ᠠᠶᠠᠭᠠᠨ ᠠᠯᠠᠭ ᠠᠴᠠ ᠠᠳᠤᠭᠤᠨ ᠤ ᠠᠯᠠᠭ ᠰᠠᠶᠢᠬᠠᠨ︾᠂ ︽ᠠᠶᠠᠭ᠎ᠠ ᠪᠠᠨ ᠭᠤᠯᠤᠬᠤ ᠪᠠᠷ ᠢᠶᠠᠨ | ᠠᠭᠠᠰᠢ ᠪᠠᠨ ᠭᠤᠯᠤ᠂ ᠠᠶᠢᠯ ᠢᠶᠠᠨ ᠭᠤᠯᠤᠬᠤ ᠪᠠᠷ ᠢᠶᠠᠨ ᠪᠡᠶ᠎ᠡ ᠪᠠᠨ ᠭᠤᠯᠤ︾᠂ ︽ᠠᠶᠠᠭ᠎ᠠ ᠴᠠᠢ ᠶᠢᠨ ᠳᠠᠯᠵᠢ ᠦᠭᠡᠢ᠂ ᠠᠮᠠ ᠳᠠᠪᠤᠤ ᠶᠢᠨ ᠲᠠᠯ᠎ᠠ ᠦᠭᠡᠢ︾᠂ ︽ | ᠠᠶᠠᠭᠠᠨ ᠤ ᠬᠠᠷᠢᠭᠤ ᠡᠳᠦᠷ ᠲᠡᠭᠡᠨ᠂ ᠠᠳᠤᠭᠤᠨ ᠤ ᠬᠠᠷᠢᠭᠤ ᠵᠢᠯ ᠳᠡᠭᠡᠨ︾ ᠁ ᠭᠡᠬᠦ ᠮᠡᠲᠦ ᠶᠢᠨ ᠣᠯᠠᠨ ᠰᠠᠶᠢᠬᠠᠨ ᠬᠡᠯᠡᠴᠡ ᠦᠭᠡ ᠰᠠᠨᠠᠭᠠᠨ ᠳᠤ ᠣᠷᠣᠬᠤ | ᠴᠤ ᠮᠠᠭᠠᠳ᠃ ᠭᠡᠪᠡᠴᠦ ᠮᠢᠨᠦ ᠤᠴᠢᠷᠯᠠᠨ᠎ᠠ ᠭᠡᠵᠦ ᠪᠠᠶᠢᠭ᠎ᠠ ︽ᠠᠶᠠᠭ᠎ᠠ︾ ᠪᠣᠯ ᠡᠳᠡᠭᠡᠷ ᠤᠨ ᠠᠯᠢ ᠨᠢ ᠴᠤ ᠪᠢᠰᠢ᠂ ᠬᠠᠷᠢᠨ ᠠᠵᠢᠯ ᠠᠯᠪᠠ ᠶᠢᠨ ︽ᠠᠶᠠᠭ᠎ᠠ︾ | ᠪᠣᠯᠤᠨ᠎ᠠ᠃ ᠲᠥᠷᠦᠭᠦᠦ ᠵᠠᠭᠤᠨ ᠤ ᠳᠤᠮᠳᠠᠴᠢ ᠪᠠᠷ ᠲᠣᠭᠲᠠᠭᠰᠠᠨ ᠠᠵᠢᠯ ᠠᠯᠪᠠ ᠲᠠᠢ᠂ ᠴᠠᠯᠢᠩ ᠮᠦᠩᠭᠦ ᠲᠠᠢ ᠬᠦᠮᠦᠨ ᠢ ︽ ᠲᠡᠮᠦᠷ ᠠᠶᠠᠭ᠎ᠠ︾ ᠲᠠᠢ ᠭᠡᠵᠦ᠂ | ᠲᠤᠰᠬᠠᠢ ᠮᠡᠷᠭᠡᠵᠢᠯ ᠤᠨ ᠰᠤᠷᠭᠠᠭᠤᠯᠢ ᠪᠤᠶᠤ ᠶᠡᠭᠡ ᠳᠡᠭᠡᠳᠦ ᠰᠤᠷᠭᠠᠭᠤᠯᠢ ᠳᠤ ᠰᠢᠯᠭᠠᠭᠳᠠᠨ ᠣᠷᠣᠪᠠᠯ ︽ᠲᠡᠮᠦᠷ ᠠᠶᠠᠭ᠎ᠠ ᠲᠠᠢ ᠪᠣᠯᠴᠢᠬᠠᠵᠠᠢ︾ ᠭᠡᠵᠦ ᠬᠡᠯᠡᠳᠡᠭ᠃ | ︽ᠲᠡᠮᠦᠷ ᠠᠶᠠᠭ᠎ᠠ︾ ᠲᠠᠢ ᠴᠤ ᠪᠣᠯᠤᠭ᠂ ︽ᠲᠡᠮᠦᠷ ᠠᠶᠠᠭ᠎ᠠ︾ ᠲᠠᠢ ᠪᠣᠯᠴᠢᠬᠠᠭᠰᠠᠨ ᠴᠤ ᠪᠣᠯᠤᠭ᠂ ᠬᠥᠳᠡᠭᠡ ᠶᠢᠨ ᠬᠠᠷ᠎ᠠ ᠪᠣᠷᠣ ᠠᠵᠢᠯ ᠠᠴᠠ ᠵᠠᠶᠢᠳᠠᠭᠤ᠂ | ᠪᠤᠶᠢᠳᠠ ᠪᠥᠭᠯᠡᠭᠦᠦ ᠠᠬᠤᠢ ᠠᠴᠠ ᠰᠠᠯᠤᠩᠬᠢ᠂ ᠰᠠᠯᠬᠢ ᠪᠣᠷᠣᠭᠠᠨ ᠠᠴᠠ ᠳᠠᠯᠳᠠ᠂ ᠬᠤᠲᠠ ᠭᠠᠵᠠᠷ ᠣᠷᠣᠩᠨᠠᠵᠤ᠂ ᠠᠯᠪᠠᠨ ᠪᠠᠶᠢᠭᠤᠯᠭ᠎ᠠ ᠳᠤ ᠠᠵᠢᠯᠯᠠᠨ᠂ ᠴᠠᠯᠢᠩ | ᠮᠦᠩᠭᠦ ᠣᠯᠵᠤ᠂ ︽ᠤᠯᠤᠰ ᠤᠨ ᠺᠠᠳ᠋ᠷ︾ ᠪᠣᠯᠵᠤ ᠶᠠᠪᠤᠬᠤ ᠶᠢ ᠬᠡᠯᠡᠳᠡᠭ᠃ ᠲᠡᠷᠡ ᠥᠶ᠎ᠡ ᠳᠤ ᠰᠣᠶᠣᠯ ᠰᠤᠷᠭᠠᠨ ᠬᠥᠮᠥᠵᠢᠯ ᠤᠨ ᠵᠠᠮ ᠢᠶᠠᠷ ᠶᠠᠪᠤᠭᠰᠠᠳ ᠴᠥᠭᠡᠨ᠂ | ᠪᠦᠬᠦ ᠠᠷᠠᠳ ᠤᠨ ᠰᠣᠶᠣᠯ ᠤᠨ ᠬᠢᠷᠢ ᠲᠥᠪᠰᠢᠨ ᠳᠣᠣᠷ᠎ᠠ᠂ ᠴᠢᠨᠠᠭᠰᠢᠯᠠᠪᠠᠯ ᠶᠡᠭᠡ ᠣᠯᠠᠨ ᠪᠢᠴᠢᠭ ᠤᠨ ᠪᠠᠯᠠᠢ ᠪᠠᠶᠢᠭᠰᠠᠨ ᠴᠠᠭ ᠪᠣᠯᠬᠤᠷ ᠦᠰᠦᠭ ᠲᠠᠨᠢᠵᠤ᠂ | ᠪᠢᠴᠢᠭ ᠪᠢᠴᠢᠵᠦ᠂ ᠰᠣᠨᠢᠨ ᠣᠩᠰᠢᠵᠤ ᠳᠡᠶᠢᠯᠳᠡᠭ ᠬᠦᠮᠦᠨ ︽ ᠰᠣᠶᠣᠯ ᠲᠠᠢ ᠬᠦᠮᠦᠨ︾᠂ ︽ᠰᠡᠬᠡᠬᠡᠲᠡᠨ︾ ᠳᠤ ᠲᠣᠭᠠᠴᠠᠭᠳᠠᠵᠤ ᠪᠠᠶᠢᠭᠰᠠᠨ᠃ | ᠲᠡᠶᠢᠮᠦ ᠪᠣᠯᠬᠤᠷ ᠲᠣᠮᠳᠠ ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠪᠤᠶᠤ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠰᠤᠷᠤᠭᠴᠢᠳ ᠵᠠᠭᠤᠨ ᠤ | ᠵᠠᠭᠤ ᠪᠠᠷ ᠠᠵᠢᠯ ᠣᠯᠳᠠᠭ᠃ ᠡᠳᠡᠭᠡᠷ ᠰᠤᠷᠭᠠᠭᠤᠯᠢ ᠳᠤ ᠰᠢᠯᠭᠠᠭᠳᠠᠨ ᠣᠷᠣᠯ᠎ᠠ ᠯᠠ ᠭᠡᠭᠰᠡᠭᠡᠷ ᠰᠤᠷᠤᠭᠰᠠᠨ ᠨᠢ ᠶᠠᠮᠠᠷ ᠢ ᠬᠠᠮᠢᠶᠠᠷᠬᠤ ᠦᠭᠡᠢ ᠲᠡᠭᠦᠰᠦᠭᠰᠡᠭᠡᠷ | ᠪᠦᠬᠦᠨ ᠢᠶᠠᠷ ᠢᠶᠠᠨ ᠠᠵᠢᠯ ᠣᠯᠵᠤ ᠳᠡᠶᠢᠯᠳᠡᠭ ᠪᠣᠯᠬᠤᠷ ᠶᠠᠭᠠᠬᠢᠵᠤ ᠴᠣᠬᠢᠪᠠᠴᠤ ᠬᠠᠭᠠᠷᠠᠬᠤ ᠦᠭᠡᠢ᠂ ᠶᠠᠭᠠᠬᠢᠵᠤ ᠡᠳ᠋ᠯᠡᠪᠡᠴᠦ ᠡᠯᠡᠭᠳᠡᠬᠦ ᠦᠭᠡᠢ ︽ᠲᠡᠮᠦᠷ ᠠᠶᠠᠭ᠎ᠠ︾ ᠁ | ᠲᠣᠭᠲᠠᠭᠰᠠᠨ ᠠᠵᠢᠯ ᠠᠯᠪᠠ ᠲᠠᠢ᠂ ᠴᠠᠯᠢᠩ ᠮᠦᠩᠭᠦ ᠲᠠᠢ ︽ᠤᠯᠤᠰ ᠤᠨ ᠪᠤᠳᠠᠭ᠎ᠠ︾ ᠢᠳᠡᠳᠡᠭ ︽ᠲᠡᠮᠦᠷ ᠠᠶᠠᠭ᠎ᠠ︾ ᠲᠠᠢ ᠪᠣᠯᠳᠠᠭ᠃ ︽ᠴᠠᠭ ᠴᠠᠭ ᠢᠶᠠᠷ | ᠪᠠᠶᠢᠳᠠᠭ ᠦᠭᠡᠢ᠂ ᠴᠠᠬᠢᠯᠳᠠᠭ ᠬᠥᠬᠡ ᠪᠠᠷ ᠢᠶᠠᠨ ᠪᠠᠶᠢᠳᠠᠭ ᠦᠭᠡᠢ︾ ᠭᠡᠭᠴᠢ ᠪᠠᠷ ᠨᠡᠶᠢᠭᠡᠮ ᠤᠨ ᠬᠥᠭᠵᠢᠯᠲᠡ᠂ ᠴᠠᠭ ᠥᠶ᠎ᠡ ᠶᠢᠨ ᠬᠤᠪᠢᠷᠠᠯᠲᠠ᠂ ᠬᠦᠮᠦᠨ | ᠠᠷᠠᠳ ᠤᠨ ᠬᠡᠪ ᠪᠣᠯᠪᠠᠰᠤᠷᠠᠯ ᠤᠨ ᠳᠡᠭᠡᠭᠰᠢᠯᠡᠯᠲᠡ ᠶᠢ ᠳᠠᠭᠠᠯᠳᠤᠨ ︽ᠲᠡᠮᠦᠷ ᠠᠶᠠᠭ᠎ᠠ︾ ᠳᠤ ᠰᠦᠷᠳᠡᠭᠦᠯᠦᠯ ᠤᠴᠠᠷᠠᠵᠤ᠂ ︽ᠰᠢᠪᠠᠷ ᠠᠶᠠᠭ᠎ᠠ︾ ᠪᠠᠷ | ᠰᠣᠯᠢᠭᠳᠠᠬᠤ ᠪᠣᠯᠤᠯᠴᠠᠭ᠎ᠠ ᠭᠠᠷᠤᠭᠰᠠᠨ ᠮᠥᠷᠲᠡᠭᠡᠨ ︽ᠲᠡᠮᠦᠷ ᠠᠶᠠᠭ᠎ᠠ︾ ᠪᠠᠨ ︽ᠠᠯᠲᠠᠨ ᠠᠶᠠᠭ᠎ᠠ︾᠂ ︽ ᠠᠯᠮᠠᠰ ᠠᠶᠠᠭ᠎ᠠ︾ ᠪᠣᠯᠭᠠᠬᠤ ᠨᠥᠬᠦᠴᠡᠯ ᠴᠤ | ᠪᠦᠷᠢᠯᠳᠦᠭᠰᠡᠨ ᠪᠠᠶᠢᠨ᠎ᠠ᠃ ︽ᠲᠡᠮᠦᠷ ᠠᠶᠠᠭᠠᠨ︾ ᠳᠠᠭᠠᠨ ᠰᠡᠳᠬᠢᠯ ᠬᠠᠨᠵᠤ ᠴᠢᠷᠮᠠᠶᠢᠵᠤ ᠵᠢᠳᠬᠦᠬᠦ ᠳᠤᠷ᠎ᠠ ᠦᠭᠡᠢ᠂ ᠳᠠᠪᠰᠢᠵᠤ ᠥᠭᠡᠳᠡᠯᠡᠬᠦ ᠶᠢ ᠪᠣᠳᠣᠬᠤ ᠦᠭᠡᠢ᠂ | ᠨᠡᠮᠡᠭᠳᠡᠭᠦᠯᠵᠦ ᠬᠤᠷᠠᠮᠳᠤᠭᠤᠯᠬᠤ ᠶᠢ ᠬᠢᠬᠦ ᠦᠭᠡᠢ᠂ ᠥᠭᠡᠷᠡᠴᠢᠯᠡᠵᠦ ᠰᠢᠨᠡᠴᠢᠯᠡᠬᠦ ᠶᠢ ᠣᠷᠣᠯᠳᠣᠬᠤ ᠦᠭᠡᠢ ᠨᠢᠭᠡ ᠪᠦᠯᠦᠭ ᠬᠦᠮᠦᠨ ᠨᠢ ᠴᠠᠭ ᠥᠶ᠎ᠡ ᠶᠢᠨ | ᠤᠷᠤᠰᠬᠠᠯ ᠳᠤ ︽ᠲᠡᠮᠦᠷ ᠠᠶᠠᠭ᠎ᠠ︾ ᠪᠠᠨ ︽ᠰᠢᠪᠠᠷ ᠠᠶᠠᠭ᠎ᠠ︾ ᠪᠣᠯᠭᠠᠵᠤ᠂ ᠠᠵᠢᠯ ᠠᠯᠪᠠ ᠪᠠᠨ ᠠᠯᠳᠠᠨ᠂ ᠠᠮᠢᠳᠤᠷᠠᠯ ᠠᠬᠤᠢ ᠪᠠᠨ ᠳᠣᠷᠦ᠋ᠢᠲᠠᠭᠤᠯᠵᠤ᠂ | ᠠᠩᠭᠢ ᠠᠴᠠ ᠪᠠᠨ ᠬᠠᠶᠠᠭᠳᠠᠨ᠂ ᠡ᠊ᠩᠨᠡᠭᠡᠨ ᠠᠴᠠ ᠪᠠᠨ ᠬᠤᠴᠣᠷᠣᠭᠰᠠᠨ ᠪᠠᠶᠢᠨ᠎ᠠ᠃ | ᠪᠠᠰᠠ ᠨᠢᠭᠡ ᠪᠦᠯᠦᠭ ᠵᠠᠯᠠᠭᠤᠴᠤᠳ᠂ ᠠᠯᠤᠰ ᠤᠨ ᠬᠠᠷᠠᠯᠲᠠ ᠦᠭᠡᠢ᠂ ᠨᠢᠳᠦᠨ ᠡᠮᠦᠨᠡᠬᠢ ᠳᠡᠭᠡᠨ ᠭᠤᠲᠤᠷᠠᠨ᠂ ᠠᠬᠤᠢ ᠪᠠᠶᠢᠳᠠᠯ ᠳᠠᠭᠠᠨ ᠭᠤᠮᠤᠳᠠᠭᠠᠳ᠂ | ᠴᠠᠭ ᠮᠥᠴᠡ ᠪᠠᠨ ᠲᠠᠯᠠᠭᠠᠷ ᠬᠤᠭᠤᠰᠣᠨ ᠦᠷᠡᠭᠡᠵᠦ᠂ ᠡᠳᠦᠷ ᠰᠥᠨᠢ ᠶᠢ ᠴᠠᠯᠠᠭᠠᠢ ᠬᠠᠭᠤᠳᠠᠮ ᠥᠩᠭᠡᠷᠡᠭᠦᠯᠦᠨ᠂ ᠶᠡᠭᠡ ᠡᠷᠲᠡ ᠠᠴᠠ ᠨᠡᠶᠢᠭᠡᠮ ᠤᠨ ᠰᠤᠯᠠ ᠠᠷᠠᠳ | ᠪᠣᠯᠵᠤ ᠰᠡᠯᠡᠭᠦᠦ ᠡᠷᠭᠢᠴᠡᠬᠦ ᠪᠤᠶᠤ ᠶᠡᠭᠡ ᠰᠤᠷᠭᠠᠭᠤᠯᠢ ᠳᠤ ᠰᠢᠯᠭᠠᠭᠳᠠᠨ ᠣᠷᠣᠭᠰᠠᠨ ᠴᠤ ᠰᠤᠷᠴᠤ ᠳᠡᠭᠡᠭᠰᠢᠯᠡᠭᠦᠯᠬᠦ ᠪᠠ ᠪᠦᠷᠢᠨᠰᠢᠭᠦᠯᠵᠣ ᠲᠡᠭᠦᠯᠳᠡᠷᠵᠢᠭᠦᠯᠬᠦ | ᠤᠬᠠᠮᠰᠠᠷ ᠲᠤᠲᠠᠮᠠᠭ᠂ ᠡᠵᠡᠮᠰᠢᠪᠡᠰᠦ ᠵᠣᠬᠢᠬᠤ ᠡᠷᠳᠡᠮ ᠮᠡᠳᠡᠯᠭᠡ ᠪᠠᠨ ᠡᠵᠡᠮᠰᠢᠬᠦ ᠦᠭᠡᠢ᠂ ᠪᠦᠷᠢᠯᠳᠦᠭᠦᠯᠪᠡᠰᠦ ᠵᠣᠬᠢᠬᠤ ᠴᠢᠳᠠᠪᠤᠷᠢ ᠪᠠᠨ ᠪᠦᠷᠢᠯᠳᠦᠭᠦᠯᠬᠦ ᠦᠭᠡᠢ᠂ ︽ | ᠠᠳᠤᠭᠤᠨ ᠳᠠᠭᠠᠨ ᠭᠡᠪᠡᠯ ᠬᠦᠯᠦᠭ ᠤᠨ ᠲᠣᠭᠤᠰᠣᠨ ᠳᠤ ᠳᠠᠷᠤᠭᠳᠠᠬᠤ ᠦᠭᠡᠢ᠂ ᠠᠲᠠᠭᠠᠨ ᠳᠠᠭᠠᠨ ᠭᠡᠪᠡᠯ ᠬᠦᠮᠦᠨ ᠤ ᠲᠣᠭᠤᠰᠣᠨ ᠳᠤ ᠪᠤᠯᠠᠭᠳᠠᠬᠤ ᠦᠭᠡᠢ︾ ᠭᠡᠰᠡᠨ | ᠬᠦᠰᠡᠯ ᠵᠣᠷᠢᠭ ᠦᠭᠡᠢ᠂ ︽ᠵᠦᠭᠡᠷ ᠰᠠᠭᠤᠪᠠᠴᠤ ᠨᠢᠭᠡ ᠨᠠᠰᠤ᠂ ᠵᠦᠯᠭᠦᠵᠦ ᠰᠠᠭᠤᠪᠠᠴᠤ ᠨᠢᠭᠡ ᠨᠠᠰᠤ︾᠂ ︽ ᠲᠣᠭᠠᠯᠠᠵᠤ ᠲᠠᠯᠪᠢᠭᠰᠠᠨ ᠨᠠᠰᠤ᠂ ᠲᠥᠭᠡᠯᠡᠵᠦ | ᠲᠠᠯᠪᠢᠭᠰᠠᠨ ᠪᠡᠶ᠎ᠡ︾ ᠪᠠᠨ ᠵᠣᠪᠠᠭᠠᠬᠤ ᠦᠭᠡᠢ᠂ ᠴᠢᠯᠡᠭᠡᠬᠦ ᠦᠭᠡᠢ ᠭᠡᠵᠦ ᠨᠣᠮ ᠤᠨ ᠪᠠᠯᠠᠢ ᠨᠦᠢᠷ ᠤᠨ ᠡᠵᠡᠨ ᠪᠣᠯᠵᠤ᠂ ︽ᠲᠡᠮᠦᠷ ᠠᠶᠠᠭ᠎ᠠ︾ ᠶᠢ ᠪᠦᠦ ᠬᠡᠯᠡ᠂ ︽ | ᠰᠢᠪᠠᠷ ᠠᠶᠠᠭ᠎ᠠ︾ ᠴᠤ ᠦᠭᠡᠢ᠂ ᠬᠤᠲᠠ ᠳᠤ ᠠᠵᠢᠯ ᠦᠭᠡᠢ ︽ᠲᠡᠨᠦᠭᠦᠯᠴᠢᠨ︾᠂ ᠬᠥᠳᠡᠭᠡ ᠳᠤ ᠳᠤᠷ᠎ᠠ ᠦᠭᠡᠢ ︽ᠣᠶᠣᠲᠠᠨ︾ ᠪᠣᠯᠣᠭᠠᠳ ︽ᠣᠷᠣᠨᠴᠤᠭ︾ | ᠪᠣᠯᠵᠤ ᠣᠯᠢᠭ ᠢᠶᠠᠨ ᠪᠠᠷᠠᠵᠤ ᠶᠠᠪᠤᠭ᠎ᠠ ᠨᠢ ᠴᠥᠭᠡᠨ ᠪᠤᠰᠤ᠃ ᠬᠡᠯᠡᠯᠭᠡᠨ ᠦᠭᠡᠢ ᠪᠠᠰᠠ ᠨᠢᠭᠡ ᠪᠦᠯᠦᠭ ᠵᠠᠯᠠᠭᠤᠴᠤᠳ᠂ ᠴᠠᠭ ᠥᠶ᠎ᠡ ᠶᠢᠨ ᠠᠶᠢᠵᠠᠮ ᠢ ᠳᠠᠭᠠᠵᠤ᠂ | ᠨᠡᠶᠢᠭᠡᠮ ᠤᠨ ᠬᠥᠭᠵᠢᠯᠲᠡ ᠳᠤ ᠵᠣᠬᠢᠴᠠᠭᠰᠠᠨ᠂ ᠬᠡᠷᠡᠭᠴᠡᠭᠡ ᠱᠠᠭᠠᠷᠳᠠᠯᠭ᠎ᠠ ᠳᠤ ᠨᠡᠶᠢᠴᠡᠭᠰᠡᠨ ᠴᠢᠷᠮᠠᠶᠢᠯᠭ᠎ᠠ ᠵᠢᠳᠬᠦᠯ ᠲᠠᠢ ᠬᠤᠪᠢ ᠨᠡᠮᠡᠷᠢ ᠲᠠᠢ ᠦᠢᠯᠡᠰ | ᠪᠦᠲᠦᠭᠡᠯ ᠲᠠᠢ ᠣᠷᠣᠨ ᠪᠠᠶᠢᠷᠢ ᠲᠠᠢ ᠬᠦᠮᠦᠨ ᠪᠣᠯᠵᠤ᠂ ᠥᠷᠢᠰᠥᠯᠳᠦᠭᠡᠨ ᠤᠯᠠᠮ ᠠᠴᠠ ᠤᠯᠠᠮ ᠴᠢᠩᠭᠠᠷᠠᠭᠰᠠᠨ ᠡᠨ᠋ᠨ ᠡᠷᠢᠨ ᠳᠤ ᠵᠥᠪᠬᠡᠨ ︽ᠲᠡᠮᠦᠷ ᠠᠶᠠᠭ᠎ᠠ︾ | ᠲᠠᠢ ᠯᠠ ᠪᠣᠯᠬᠤ ᠶᠢ ᠪᠣᠳᠤᠭ᠎ᠠ ᠦᠭᠡᠢ᠂ ᠬᠠᠷᠢᠨ ᠦᠨᠡᠨᠬᠦ ᠴᠢᠳᠠᠪᠤᠷᠢ ᠲᠠᠢ᠂ ᠬᠠᠶᠢᠨ ᠰᠥᠪᠡᠭᠴᠢᠯᠡᠬᠦ ᠵᠣᠷᠢᠭ ᠲᠠᠢ᠂ ᠡᠭᠦᠳᠦᠨ ᠪᠦᠲᠦᠭᠡᠬᠦ ᠬᠦᠰᠡᠯ ᠲᠠᠢ᠂ | ᠥᠪᠡᠷᠮᠢᠴᠡ ᠳᠠᠪᠠᠭᠤ ᠲᠠᠯ᠎ᠠ ᠲᠠᠢ᠂ ᠥᠪᠡᠷ ᠤᠨ ᠭᠡᠰᠡᠨ ᠦᠵᠡᠯ ᠪᠣᠳᠣᠯ ᠲᠠᠢ᠂ ᠶᠡᠷᠦᠩᠬᠡᠢ ᠬᠡᠪ ᠪᠣᠯᠪᠠᠰᠤᠷᠠᠯ ᠢᠶᠠᠷ ᠥᠨᠳᠥᠷ ᠡ᠊ᠩᠨᠡᠭᠡᠨ ᠤ ᠬᠡᠰᠢᠭᠦᠨ ᠪᠣᠯᠬᠤ ᠪᠠᠷ | ᠲᠠᠰᠤᠷᠠᠯ ᠦᠭᠡᠢ ᠰᠤᠷᠤᠯᠴᠠᠵᠤ᠂ ᠵᠣᠭᠰᠣᠯ ᠦᠭᠡᠢ ᠳᠡᠭᠡᠭᠰᠢᠯᠡᠭᠦᠯᠵᠦ ᠪᠤᠢ᠃ ᠢᠩᠬᠢᠭᠡᠳ ᠠᠵᠢᠯ ᠠᠯᠪᠠ ᠭᠦᠢᠴᠡᠭᠡᠵᠦ ᠪᠠᠶᠢᠭ᠎ᠠ ᠪᠠᠶᠢᠭᠤᠯᠭ᠎ᠠ ᠨᠢᠭᠡᠴᠢ ᠳᠡᠭᠡᠨ | ᠲᠣᠭᠤᠭᠳᠠᠭᠰᠠᠨ᠂ ᠣᠯᠠᠩᠬᠢ ᠬᠦᠮᠦᠨ ᠳᠤ ᠪᠢᠰᠢᠷᠡᠭᠳᠡᠭᠰᠡᠨ᠂ ᠣᠨᠴᠠ ᠵᠠᠷᠢᠮ ᠳᠤᠨᠢ ᠠᠲᠠᠭᠠᠷᠬᠠᠭᠳᠠᠭᠰᠠᠨ᠂ ᠭᠤᠣᠯᠯᠠᠭᠴᠢ ᠬᠦᠴᠦᠨ ᠪᠣᠯᠣᠭᠠᠳ ᠥᠪᠡᠷ ᠤᠨ ᠪᠠᠶᠢᠷᠢ | ᠰᠠᠭᠤᠷᠢ᠂ ᠨᠡᠷ᠎ᠡ ᠲᠥᠷᠦ ᠪᠠᠨ ᠮᠠᠨᠳᠤᠭᠤᠯᠤᠭᠠᠳ᠂ ᠭᠡᠭᠡᠨ ᠰᠠᠷᠠᠭᠤᠯ ᠢᠷᠡᠭᠡᠳᠦᠢ ᠵᠦᠭ ᠴᠤᠴᠠᠯᠲᠠ ᠦᠭᠡᠢ ᠤᠷᠤᠭᠰᠢᠯᠠᠵᠤ ᠪᠠᠶᠢᠭ᠎ᠠ᠃ | ᠡᠶᠢᠮᠦᠷᠭᠦᠦ ᠬᠦᠮᠦᠰ ᠵᠥᠪᠬᠡᠨ ᠲᠣᠭᠲᠠᠭᠰᠠᠨ ᠨᠢᠭᠡ ᠠᠵᠢᠯ ᠣᠯᠵᠤ᠂ ᠴᠠᠯᠢᠩ ᠮᠦᠩᠭᠦ ᠪᠠᠲᠤᠯᠠᠭ᠎ᠠ ᠲᠠᠢ ︽ᠲᠡᠮᠦᠷ ᠠᠶᠠᠭ᠎ᠠ︾ ᠲᠠᠢ ᠠᠮᠢᠳᠤᠷᠠᠬᠤ ᠶᠢ | ᠪᠣᠳᠤᠭ᠎ᠠ ᠦᠭᠡᠢ᠂ ᠪᠠᠶᠢᠭᠤᠯᠭ᠎ᠠ ᠨᠢᠭᠡᠴᠢ ᠶᠢᠨ ᠢᠶᠠᠨ ᠲᠤᠲᠠᠭᠳᠠᠵᠤ ᠪᠣᠯᠣᠰᠢ ᠦᠭᠡᠢ ᠬᠦᠴᠦᠨ ᠪᠣᠯᠵᠤ᠂ ᠠᠵᠢᠯ ᠮᠡᠷᠭᠡᠵᠢᠯ ᠳᠡᠭᠡᠨ ᠴᠠᠭᠠᠷᠠᠭᠰᠠᠨ ᠨᠢᠷᠤᠭᠤ | ᠲᠤᠯᠭᠠᠭᠤᠷᠢ ᠪᠣᠯᠬᠤ ᠪᠠᠷ ᠪᠡᠶ᠎ᠡ ᠪᠠᠨ ᠴᠢᠩᠭ᠎ᠠ ᠱᠠᠭᠠᠷᠳᠠᠵᠤ᠂ ᠥᠶ᠎ᠡ ᠬᠤᠷᠠᠭ ᠤᠨ ᠳᠤᠮᠳᠠ ᠪᠠᠨ ᠴᠣᠯᠭᠤᠷᠠᠭᠰᠠᠨ᠂ ᠦᠢᠯᠡᠳᠦᠯ ᠬᠡᠷᠡᠭᠴᠡᠭᠡ ᠪᠠᠷ ᠢᠶᠠᠨ ᠣᠷᠦ᠋ᠢᠯᠠᠭᠰᠠᠨ | ᠂ ᠴᠠᠯᠢᠩ ᠮᠦᠩᠭᠦ ᠴᠤ ᠥᠨᠳᠥᠷ ᠬᠦᠮᠦᠨ ᠪᠣᠯᠵᠤ᠂ ︽ᠲᠡᠮᠦᠷ ᠠᠶᠠᠭ᠎ᠠ︾ ᠪᠠᠨ ︽ᠠᠯᠲᠠᠨ ᠠᠶᠠᠭ᠎ᠠ︾ ᠪᠣᠯᠭᠠᠵᠤ᠂ ᠭᠡᠷᠡᠯ ᠭᠢᠯᠪᠠᠭ᠎ᠠ ᠪᠠᠨ ᠰᠠᠴᠤᠷᠠᠭᠤᠯᠳᠠᠭ᠃ | ᠪᠠᠰᠠ ᠵᠠᠷᠢᠮ ᠨᠢ ᠪᠠᠶᠢᠭᠤᠯᠭ᠎ᠠ ᠨᠢᠭᠡᠴᠢ ᠳᠡᠭᠡᠨ ᠯᠠ ᠪᠢᠰᠢ᠂ ᠨᠡᠩ ᠥᠨᠳᠥᠷ ᠲᠤ ᠭᠠᠷᠴᠤ᠂ ᠨᠡᠩ ᠬᠤᠯᠠ ᠶᠢ ᠬᠠᠷᠠᠨ᠂ ᠥᠪᠡᠷ ᠤᠨ ᠴᠢᠳᠠᠪᠤᠷᠢ ᠪᠠᠨ ᠨᠡᠩ ᠶᠡᠭᠡ | ᠦᠢᠯᠡᠰ ᠲᠤ ᠵᠣᠷᠢᠭᠤᠯᠬᠤ ᠶᠢ ᠪᠣᠳᠣᠵᠤ᠂ ᠨᠢᠳᠦᠨ ᠡᠮᠦᠨᠡᠬᠢ ᠠᠵᠢᠯ ᠠᠯᠪᠠ ᠪᠠᠨ ᠪᠦᠷᠢᠨ ᠭᠦᠢᠴᠡᠳ᠂ ᠴᠢᠨᠠᠷ ᠴᠢᠨᠰᠠᠭ᠎ᠠ ᠲᠠᠢ᠂ ᠡᠭᠦᠳᠦᠨ ᠪᠦᠲᠦᠭᠡᠯᠲᠡ ᠲᠠᠢ | ᠭᠦᠢᠴᠡᠳᠬᠡᠬᠦ ᠪᠠᠷ ᠪᠠᠷᠠᠬᠤ ᠦᠭᠡᠢ ︽ᠮᠥᠴᠢᠲᠦ ᠳᠥᠷᠪᠡᠨ ᠬᠥᠯᠲᠡᠨ ᠤ ᠮᠥᠷ ᠨᠢ ᠬᠦᠷᠦᠭᠡ ᠦᠭᠡᠢ︾ ᠣᠷᠭᠢᠯ ᠳᠤ ᠮᠥᠷ ᠢᠶᠠᠨ ᠦᠯᠡᠳᠡᠭᠡᠵᠦ᠂ ︽ᠮᠥᠭᠡᠷᠡᠰᠦ | ᠨᠢᠮᠭᠡᠨ ᠬᠤᠭᠤᠯᠠᠶᠢᠲᠠᠨ ᠤ ᠳᠠᠭᠤ ᠨᠢ ᠭᠠᠷᠤᠭ᠎ᠠ ᠦᠭᠡᠢ︾ ᠣᠷᠭᠢᠯ ᠳᠤ ᠳᠠᠭᠤ ᠪᠠᠨ ᠳᠠᠭᠤᠷᠢᠰᠬᠠᠨ᠂ ᠠᠮᠢᠳᠤᠷᠠᠯ ᠤᠨ ᠤᠳᠬ᠎ᠠ ᠠᠭᠤᠯᠭ᠎ᠠ ᠪᠠᠨ ᠨᠡᠩ ᠪᠠᠶᠠᠯᠢᠭ᠂ | ᠨᠡᠩ ᠦᠨ᠎ᠡ ᠥᠷᠲᠡᠭ ᠲᠠᠢ ᠪᠣᠯᠭᠠᠬᠤ ᠪᠠᠷ ᠦᠢᠯᠡᠰ ᠤᠨ ᠣᠷᠭᠢᠯ ᠳᠤ ᠵᠣᠷᠢᠭᠲᠠᠢ ᠭᠠᠷᠴᠤ᠂ ᠣᠯᠠᠨ ᠠᠴᠠ ᠣᠷᠦ᠋ᠢᠯᠠᠵᠤ ᠲᠦᠮᠡᠨ ᠠᠴᠠ ᠲᠦᠷᠦᠭᠦᠯᠡᠨ᠂ | ᠨᠡᠶᠢᠭᠡᠮ ᠤᠨ ᠲᠤᠯᠭᠠᠭᠤᠷᠢ ᠬᠦᠴᠦᠨ᠂ ᠴᠠᠭ ᠥᠶ᠎ᠡ ᠶᠢᠨ ᠳᠠᠭᠠᠭᠤᠯᠤᠭᠴᠢ᠂ ᠣᠯᠠᠨ ᠤ ᠳᠠᠭᠤᠷᠢᠶᠠᠯ ᠪᠣᠯᠵᠤ᠂ ︽ ᠪᠢ ᠰᠢᠯᠢᠳᠡᠭ ᠢ ᠨᠢ ᠰᠣᠩᠭᠤᠬᠤ ᠪᠢᠰᠢ᠂ | ᠰᠢᠯᠢᠳᠡᠭ ᠨᠢ ᠨᠠᠮ᠎ᠠ ᠶᠢ ᠰᠣᠩᠭᠤᠭ︾ ᠭᠡᠬᠦ ᠬᠡᠮᠵᠢᠶᠡᠨ ᠳᠤ ᠬᠦᠷᠴᠦ᠂ ︽ ᠠᠯᠲᠠᠨ ᠠᠶᠠᠭ᠎ᠠ︾ ᠪᠠᠨ ︽ᠠᠯᠮᠠᠰ ᠠᠶᠠᠭ᠎ᠠ︾ ᠪᠣᠯᠭᠠᠳᠠᠭ ᠪᠠᠶᠢᠨ᠎ᠠ᠃ ᠡᠨ᠋ᠨ ᠥᠶ᠎ᠡ | ᠪᠣᠯᠬᠤ ᠳᠤ ᠪᠠᠶᠢᠭᠤᠯᠭ᠎ᠠ ᠨᠢᠭᠡᠴᠢ ᠴᠢᠮ᠎ᠠ ᠶᠢ ᠰᠣᠩᠭᠤᠬᠤ ᠪᠢᠰᠢ᠂ ᠴᠢ ᠪᠠᠶᠢᠭᠤᠯᠭ᠎ᠠ ᠨᠢᠭᠡᠴᠢ ᠶᠢ ᠰᠣᠩᠭᠤᠨ᠎ᠠ᠃ ᠴᠢ ᠳᠤᠷᠠᠲᠠᠢ ᠭᠡᠰᠡᠨ ᠭᠠᠵᠠᠷ ᠳᠣᠲᠣᠷ᠎ᠠ ᠠᠴᠠ ᠪᠠᠨ | ᠡᠯ᠎ᠡ ᠵᠦᠢᠯ ᠤᠨ ᠨᠥᠬᠦᠴᠡᠯ ᠢᠶᠠᠷ ᠰᠠᠶᠢᠨ᠂ ᠴᠢᠨᠦ ᠬᠤᠵᠢᠮ ᠤᠨ ᠬᠥᠭᠵᠢᠯᠲᠡ ᠳᠤ ᠠᠰᠢᠭᠲᠠᠢ᠂ ᠴᠢᠨᠦ ᠴᠢᠳᠠᠪᠤᠷᠢ ᠪᠠᠨ ᠪᠦᠷᠢᠨ ᠭᠦᠢᠴᠡᠳ ᠪᠠᠳᠠᠷᠠᠭᠤᠯᠬᠤ ᠳᠤ | ᠲᠤᠰᠠᠲᠠᠢ ᠭᠠᠵᠠᠷ ᠢᠶᠠᠨ ᠳᠤᠷᠠᠲᠠᠢ ᠰᠣᠩᠭᠤᠵᠤ ᠳᠡᠶᠢᠯᠬᠦ ᠮᠥᠷᠲᠡᠭᠡᠨ ᠬᠡᠷᠡᠭᠯᠡᠬᠦ ᠪᠠᠶᠢᠭᠤᠯᠭ᠎ᠠ ᠨᠢᠭᠡᠴᠢ ᠴᠤ ᠭᠡᠰᠡᠨ ᠡᠶᠢᠮᠦ ᠨᠢᠭᠡᠨ ᠡᠷᠳᠡᠮ ᠲᠠᠢ ᠴᠢᠳᠠᠯ ᠲᠠᠢ ᠬᠦᠮᠦᠨ | ᠣᠯᠵᠤ ᠠᠪᠤᠭᠰᠠᠨ ᠳᠠᠭᠠᠨ ᠠᠵᠠ ᠶᠢᠨ ᠲᠡᠭᠷᠢ ᠢᠪᠡᠭᠡᠭᠰᠡᠨ ᠰᠢᠭ ᠪᠠᠶᠠᠷᠯᠠᠬᠤ ᠪᠣᠯᠤᠨ᠎ᠠ᠃ ᠬᠦᠮᠦᠨ ᠬᠡᠷᠪᠡ ᠴᠢᠷᠮᠠᠶᠢᠭᠠᠳ ᠡᠨ᠋ᠨ ᠬᠡᠮᠵᠢᠶᠡᠨ ᠳᠤ ᠬᠦᠷᠴᠢᠭᠡᠪᠡᠯ ︽ | ᠠᠯᠮᠠᠰ ᠠᠶᠠᠭ᠎ᠠ︾ ᠲᠠᠢ ᠪᠣᠯᠤᠭᠰᠠᠨ ᠳᠤ ᠲᠣᠭᠠᠴᠠᠭᠳᠠᠨ᠎ᠠ᠃ | ᠡᠶᠢᠮᠦ ᠠᠴᠠ᠂ ᠣᠳᠣ ᠴᠠᠭ ᠲᠤ ᠵᠢᠩᠬᠢᠨᠢ ᠠᠩᠭᠢ ᠲᠡᠭᠦᠰᠦᠭᠰᠡᠨ ᠦᠨᠡᠮᠯᠡᠯ ᠲᠠᠢ᠂ ᠮᠠᠰᠲ᠋ᠧᠷ ᠴᠣᠯᠠ ᠲᠠᠢ᠂ ᠴᠢᠨᠠᠭᠰᠢᠯᠠᠪᠠᠯ ᠳ᠋ᠣᠺᠲ᠋ᠣᠷ ᠲᠡᠭᠦᠰᠦᠭᠰᠡᠨ ᠴᠤ | ᠠᠵᠢᠯ ᠣᠯᠵᠤ ᠳᠡᠶᠢᠯᠬᠦ ᠦᠭᠡᠢ ᠪᠠᠶᠢᠨ᠎ᠠ ᠭᠡᠳᠡᠭ ᠨᠡᠶᠢᠭᠡᠮ ᠤᠨ ᠤᠴᠢᠷ ᠪᠢᠰᠢ᠂ ᠴᠠᠭ ᠥᠶ᠎ᠡ ᠶᠢᠨ ᠤᠴᠢᠷ ᠪᠢᠰᠢ᠂ ᠡᠴᠤᠰ ᠤᠨ ᠡᠴᠤᠰ ᠲᠡᠭᠡᠨ ᠬᠠᠰᠢ ᠯᠠ | ᠵᠠᠯᠠᠭᠤᠴᠤᠳ ᠤᠨ ᠥᠪᠡᠷ ᠤᠨ ᠤᠴᠢᠷ᠃ ᠵᠠᠯᠠᠭᠤᠴᠤᠳ ᠬᠡᠷᠪᠡ ᠥᠪᠡᠷ ᠢ ᠪᠠᠨ ᠤᠨᠠᠪᠠᠯ ᠬᠠᠭᠠᠷᠠᠳᠠᠭ ︽ᠰᠢᠪᠠᠷ ᠠᠶᠠᠭ᠎ᠠ︾ ᠲᠠᠢ ᠪᠢᠰᠢ᠂ ᠳᠥᠩᠭᠡᠵᠦ ᠳᠠᠩᠭᠠᠵᠤ | ᠠᠷᠭᠠᠴᠠᠳᠠᠭ ︽ᠲᠡᠮᠦᠷ ᠠᠶᠠᠭ᠎ᠠ︾ ᠴᠤ ᠪᠢᠰᠢ᠂ ᠬᠠᠷᠢᠨ ︽ᠠᠯᠲᠠᠨ ᠠᠶᠠᠭ᠎ᠠ︾᠂ ︽ ᠠᠯᠮᠠᠰ ᠠᠶᠠᠭ᠎ᠠ︾ ᠲᠠᠢ ᠪᠣᠯᠴᠢᠬᠠᠪᠠᠯ ᠠᠵᠢᠯ ᠣᠯᠬᠤ ᠶᠢᠨ ᠲᠥᠯᠥᠭᠡ | ᠵᠣᠪᠠᠭ᠋ᠤ ᠪᠢᠰᠢ᠂ ᠥᠪᠡᠷ ᠤᠨ ᠳᠤᠷ᠎ᠠ ᠪᠠᠷ ᠢᠶᠠᠨ ᠪᠠᠶᠢᠭᠤᠯᠭ᠎ᠠ ᠨᠢᠭᠡᠴᠢ᠂ ᠠᠵᠢᠯ ᠤᠨ ᠪᠠᠶᠢᠷᠢ ᠰᠣᠩᠭᠤᠬᠤ ᠡᠷᠬᠡ ᠲᠠᠢ ᠪᠣᠯᠤᠨ᠎ᠠ᠃ ᠢᠩᠬᠢᠪᠡᠯ ᠥᠪᠡᠷ ᠤᠨ ᠴᠢᠳᠠᠯ᠂ | ᠥᠪᠡᠷ ᠤᠨ ᠣᠷᠣᠯᠳᠤᠯᠭ᠎ᠠ᠂ ᠥᠪᠡᠷ ᠤᠨ ᠨᠡᠭᠡᠭᠡᠯᠲᠡ ᠪᠠᠷ ᠢᠶᠠᠨ ᠤᠯᠤᠰ ᠬᠦᠷᠦᠨ ᠤ ᠬᠦᠴᠦᠷᠬᠡᠭᠵᠢᠯ᠂ ᠤᠭᠰᠠᠭ᠎ᠠ ᠦᠨᠳᠦᠰᠦᠲᠡᠨ ᠤ ᠳᠠᠪᠰᠢᠯᠲᠠ ᠳᠤ ᠥᠪᠡᠷ ᠤᠨ | ᠭᠠᠪᠢᠶ᠎ᠠ ᠵᠢᠳᠬᠦᠯ ᠢᠶᠠᠨ ᠦᠵᠡᠭᠦᠯᠬᠦ ᠪᠣᠯᠤᠯᠴᠠᠭ᠎ᠠ ᠲᠠᠢ ᠪᠣᠯᠤᠨ᠎ᠠ᠃ ᠬᠦᠮᠦᠨ ᠭᠡᠵᠦ ᠴᠢᠷᠮᠠᠶᠢᠵᠤ ᠵᠢᠳᠬᠦᠵᠦ᠂ ᠳᠠᠪᠰᠢᠵᠤ ᠥᠭᠡᠳᠡᠯᠡᠵᠦ ᠶᠠᠪᠤᠪᠠᠯ ᠰᠠᠶ᠋ᠢ ᠮᠥᠩᠬᠡ ᠶᠢᠨ | ᠦᠢᠯᠡᠰ ᠲᠠᠢ ᠮᠥᠩᠬᠡᠷᠡᠵᠦ ᠴᠢᠳᠠᠳᠠᠭ ᠰᠢᠦ᠂ ᠵᠠᠯᠠᠭᠤᠴᠤᠳ ᠮᠢᠨᠢ︕ ︽ᠠᠯᠲᠠᠨ ᠠᠶᠠᠭ᠎ᠠ︾ ᠲᠠᠢ᠂ ︽ᠠᠯᠮᠠᠰ ᠠᠶᠠᠭ᠎ᠠ︾ ᠲᠠᠢ ᠭᠢᠯᠠᠯᠵᠠᠭᠤᠯᠵᠤ᠂ | ᠭᠢᠯᠠᠷᠠᠭᠤᠯᠵᠤ ᠶᠠᠪᠤᠬᠤ ᠪᠣᠯᠲᠤᠭᠠᠢ︕ | | | |