| ᠭᠤᠮ ᠬᠤᠭᠤᠯᠠᠢ ᠶᠢ ᠬᠡᠲᠤᠷᠬᠡᠢ ᠤᠷᠲᠤ ᠬᠤᠭᠤᠴᠠᠭ᠎ᠠ ᠪᠠᠷ ᠬᠡᠷᠡᠭᠯᠡᠵᠤ ᠪᠤᠯᠬᠤ ᠦᠬᠡᠢ ᠰᠢᠲᠠᠮᠠᠬᠠᠢ ᠬᠡᠢ ᠶᠢ ᠬᠡᠷᠡᠭᠯᠡᠬᠦ ᠦᠶᠡᠰ ᠂ ᠭᠤᠮ ᠬᠤᠭᠤᠯᠠᠢ ᠶᠢ 12 | ᠰᠠᠷ᠎ᠠ ᠬᠡᠷᠡᠭᠯᠡᠪᠡᠯ ᠪᠠᠶᠢᠴᠠᠭᠠᠬᠤ ᠬᠡᠷᠡᠭᠲᠡᠢ ᠂ ᠴᠠᠭ ᠲᠤᠬᠠᠢ ᠳᠤ ᠨᠢ ᠭᠤᠮ ᠬᠤᠭᠤᠯᠠᠢ ᠪᠠ ᠳᠠᠷᠤᠯᠲᠠ ᠶᠢ ᠪᠠᠭᠤᠷᠠᠭᠤᠯᠬᠤ ᠨᠡᠬᠡᠯᠡᠬᠡᠢ ᠶᠢ ᠰᠤᠯᠢᠵᠤ ᠂ ᠬᠡᠢ ᠯᠡᠪᠡᠷᠡᠬᠦ ᠠᠴᠠ | ᠰᠡᠷᠬᠡᠶᠢᠯᠡᠨ᠎ᠡ ᠃ ᠭᠤᠮ ᠬᠤᠭᠤᠯᠠᠢ ᠶᠢᠨ ᠤᠷᠲᠤ ᠶᠢ 2 ᠮᠧᠳ᠋ᠷ ᠠᠴᠠ ᠬᠡᠲᠤᠷᠡᠬᠦᠯᠵᠤ ᠪᠤᠯᠬᠤ ᠦᠬᠡᠢ ᠃ ᠵᠤᠬᠢᠰ ᠲᠠᠢ ᠬᠠᠳᠠᠭᠠᠯᠠᠨ᠎ᠠ ᠰᠢᠲᠠᠮᠠᠬᠠᠢ ᠬᠡᠢ ᠶᠢ ᠡᠷᠬᠡᠪᠰᠢ | ᠰᠠᠯᠬᠢ ᠨᠡᠪᠲᠡᠷᠡᠬᠦ ᠲᠤᠭᠤᠭᠠᠨ ᠭᠡᠷ ᠲᠤ ᠬᠡᠷᠡᠭᠯᠡᠨ᠎ᠡ ᠂ ᠬᠡᠢ ᠯᠡᠪᠡᠷᠡᠪᠡᠯ ᠴᠠᠭ ᠲᠤᠬᠠᠢ ᠳᠤ ᠨᠢ ᠰᠠᠯᠬᠢ ᠨᠡᠪᠲᠡᠷᠡᠬᠦᠯᠵᠤ ᠂ ᠬᠦᠮᠦᠨ ᠬᠤᠤᠷᠲᠠᠭᠲᠠᠬᠤ ᠪᠠ ᠭᠠᠯ ᠤᠨ | ᠠᠶᠤᠯ ᠭᠠᠷᠬᠤ ᠠᠴᠠ ᠵᠠᠶᠢᠯᠠᠰᠬᠢᠬᠤ ᠬᠡᠷᠡᠭᠲᠡᠢ ᠃ ᠡᠬᠦᠨ ᠠᠴᠠ ᠭᠠᠳᠠᠨ᠎ᠠ ᠂ ᠰᠢᠲᠠᠮᠠᠬᠠᠢ ᠬᠡᠢ ᠶᠢ ᠡᠷᠬᠡᠪᠰᠢ ᠤᠨᠲᠠᠬᠤ ᠦᠷᠦᠬᠡ ᠂ ᠠᠮᠠᠷᠠᠬᠤ ᠦᠷᠦᠬᠡ ᠠᠴᠠ | ᠲᠤᠰᠠᠭᠠᠷᠯᠠᠵᠤ ᠂ ᠰᠠᠯᠬᠢ ᠨᠡᠪᠲᠡᠷᠡᠭᠦ ᠨᠦᠬᠦᠴᠡᠯ ᠢ ᠡᠷᠬᠡᠪᠰᠢ ᠪᠦᠷᠢᠯᠳᠦᠬᠦᠯᠬᠦ ᠬᠡᠷᠡᠭᠲᠡᠢ ᠃ ᠰᠢᠲᠠᠮᠠᠬᠠᠢ ᠬᠡᠢ ᠯᠡᠪᠡᠷᠡᠪᠡᠯ ᠳᠠᠷᠦ᠋ᠢᠬᠠᠨ ᠪᠠᠶᠢᠴᠠᠭᠠᠨ᠎ᠠ ᠰᠢᠲᠠᠮᠠᠬᠠᠢ ᠬᠡᠢ | ᠯᠡᠪᠡᠷᠡᠪᠡᠯ ᠠᠮᠠᠷᠬᠠᠨ ᠦᠨᠦᠷᠲᠦᠭᠳᠡᠨ᠎ᠡ ᠂ ᠦᠮᠡᠬᠡᠢ ᠦᠨᠦᠷ ᠦᠨᠦᠷᠲᠦᠪᠡᠯ ᠂ ᠡᠷᠬᠡᠪᠰᠢ ᠴᠤᠩᠬᠤ ᠪᠠᠨ ᠨᠡᠬᠡᠬᠡᠵᠤ ᠂ ᠰᠢᠲᠠᠮᠠᠬᠠᠢ ᠬᠡᠢ ᠶᠢᠨ ᠵᠤᠤᠬ᠎ᠠ ᠂ ᠰᠢᠲᠠᠮᠠᠬᠠᠢ | ᠬᠡᠢ ᠶᠢᠨ ᠨᠡᠬᠡᠯᠡᠬᠡᠢ ᠪᠠᠨ ᠬᠠᠭᠠᠭᠰᠠᠨ ᠡᠰᠡᠬᠦ ᠶᠢ ᠪᠠᠶᠢᠴᠠᠭᠠᠬᠤ ᠬᠡᠷᠡᠭᠲᠡᠢ ᠃ ᠬᠠᠭᠠᠭᠰᠠᠨ ᠤ ᠳᠠᠷᠠᠭ᠎ᠠ ᠪᠠᠰᠠ ᠦᠮᠡᠬᠡᠢ ᠦᠨᠦᠷ ᠲᠠᠢ ᠪᠤᠯ ᠰᠢᠲᠠᠮᠠᠬᠠᠢ ᠬᠡᠢ ᠶᠢᠨ | ᠺᠤᠮᠫᠠᠨᠢ ᠶᠢᠨ ᠠᠵᠢᠯᠲᠠᠨ ᠲᠠᠢ ᠳᠠᠷᠦ᠋ᠢᠬᠠᠨ ᠬᠠᠷᠢᠯᠴᠠᠵᠤ ᠪᠠᠶᠢᠴᠠᠭᠠᠯᠭᠠᠬᠤ ᠬᠡᠷᠡᠭᠲᠡᠢ ᠃ ᠲᠤᠰᠬᠠᠢ ᠮᠡᠷᠭᠡᠵᠢᠯ ᠤᠨ ᠬᠦᠮᠦᠰ ᠬᠦᠷᠴᠦ ᠢᠷᠡᠬᠦ ᠠᠴᠠ ᠡᠮᠦᠨ᠎ᠡ ᠂ | ᠶᠠᠭᠠᠬᠢᠭᠰᠠᠨ ᠴᠦ ᠦᠷᠦᠬᠡᠨ ᠳᠤ ᠪᠠᠨ ᠰᠠᠭᠤᠵᠤ ᠪᠤᠯᠬᠤ ᠦᠬᠡᠢ ᠂ ᠳ᠋ᠧᠩ ᠠᠰᠠᠭᠠᠵᠤ ᠪᠤᠯᠬᠤ ᠦᠬᠡᠢ ᠂ ᠨᠡᠩ ᠴᠦ ᠢᠯᠡ ᠭᠠᠯ ᠬᠡᠷᠡᠭᠯᠡᠵᠤ ᠪᠤᠯᠬᠤ ᠦᠬᠡᠢ ᠃ | ᠰᠢᠲᠠᠮᠠᠬᠠᠢ ᠪᠤᠳᠠᠰ ᠢ ᠵᠤᠤᠬᠠᠨ ᠠᠴᠠ ᠬᠤᠯᠠ ᠲᠠᠯᠪᠢᠬᠤ ᠰᠢᠲᠠᠮᠠᠬᠠᠢ ᠬᠡᠢ ᠶᠢᠨ ᠵᠤᠤᠬ᠎ᠠ ᠶᠢᠨ ᠡᠷᠬᠢᠨ ᠲᠤᠭᠤᠷᠢᠨ ᠳᠤ ᠲᠤᠰᠤᠨ ᠯᠤᠩᠬᠤ ᠂ ᠠᠷᠢᠬᠢᠨ ᠯᠤᠩᠬᠤ ᠂ | ᠪᠠᠭᠰᠤᠷᠭ᠎ᠠ ᠶᠢᠨ ᠯᠤᠩᠬᠤ ᠵᠡᠷᠭᠡ ᠲᠤᠭᠤᠭᠠᠨ ᠭᠡᠷ ᠲᠤ ᠦᠷᠬᠦᠯᠵᠢ ᠬᠡᠷᠡᠭᠯᠡᠳᠡᠭ ᠡᠯ ᠵᠦᠢᠯ ᠤᠨ ᠪᠤᠳᠠᠰ ᠢ ᠲᠠᠯᠪᠢᠵᠤ ᠪᠤᠯᠬᠤ ᠦᠬᠡᠢ ᠃ ᠪᠠᠰᠠ ᠴᠠᠭᠠᠰᠤᠨ | ᠬᠠᠶᠢᠷᠴᠠᠭ ᠂ ᠬᠤᠯᠤᠰᠤᠨ ᠰᠠᠭᠰᠤ ᠵᠡᠷᠬᠡ ᠪᠤᠳᠠᠰ ᠢ ᠲᠠᠯᠪᠢᠵᠤ ᠪᠤᠯᠬᠤ ᠦᠬᠡᠢ ᠂ ᠭᠠᠯ ᠭᠠᠷᠬᠤ ᠠᠴᠠ ᠵᠠᠶᠢᠯᠠᠰᠬᠢᠬᠤ ᠬᠡᠷᠡᠭᠲᠡᠢ ᠃ | | |