| ᠨᠢᠬᠡ ᠂ ᠦᠷᠯᠦᠬᠡ ᠪᠦᠷᠢ ᠪᠤᠰᠤᠭᠰᠠᠨ ᠤ ᠲᠠᠷᠠᠭ᠎ᠠ ᠦᠯᠦᠨ ᠢᠶᠠᠷ 200g ᠰᠦ ᠤᠤᠭᠤᠨ᠎ᠠ ᠂ 30 ᠬᠤᠨᠤᠭ ᠢᠡᠭᠭᠢᠵᠦ ᠰᠦ ᠤᠤᠭᠤᠪᠠᠯ ᠬᠦᠮᠦᠨ ᠤ ᠪᠡᠶ᠎ᠡ ᠶᠢᠨ | ᠴᠢᠰᠤᠨ ᠤ ᠤᠯᠠᠭᠠᠨ ᠡᠰ ᠤᠨ ᠲᠤᠭ᠎ᠠ ᠨᠡᠮᠡᠭᠳᠡᠵᠦ ᠂ ᠴᠢᠰᠤ ᠲᠤᠳᠠᠭᠳᠠᠬᠤ ᠂ ᠰᠢᠮ᠎ᠠ ᠲᠡᠵᠢᠬᠡᠯ ᠲᠤᠳᠠᠭᠳᠠᠬᠤ ᠵᠡᠷᠬᠡ ᠡᠪᠡᠳᠴᠢᠨ ᠡᠮᠬᠡᠭ ᠢ ᠵᠠᠰᠠᠨ᠎ᠠ ᠃ | ᠬᠤᠶᠠᠷ ᠂ 250g ᠰᠦᠨ ᠳᠤ 50g ᠯᠤᠬᠠᠱᠸᠡᠭ ᠨᠢᠴᠠᠯᠤᠨ ᠬᠢᠵᠦ ᠪᠤᠴᠠᠯᠭᠠᠭᠠᠳ ᠡᠳᠦᠷ ᠪᠦᠷᠢ ᠪᠠᠯ ᠢᠶᠠᠷ ᠲᠠᠷᠤᠭᠤᠯᠵᠤ ᠤᠤᠭᠤᠨ᠎ᠠ ᠃ 30 ᠬᠤᠨᠤᠭ | ᠢᠡᠭᠭᠢᠵᠦ ᠤᠤᠭᠤᠪᠠᠯ ᠬᠤᠳᠤᠭᠤᠳᠤᠨ ᠤ ᠰᠢᠩᠭᠡᠭᠡᠯᠳᠡ ᠶᠢ ᠰᠠᠶᠢᠵᠢᠷᠠᠭᠤᠯᠤᠨ᠎ᠠ ᠃ | ᠭᠤᠷᠪᠠ ᠂ 250g ᠰᠢᠨ᠎ᠠ ᠰᠦᠨ ᠳᠤ ᠪᠠᠭ᠎ᠠ ᠬᠡᠮᠵᠢᠶᠡᠨ ᠤ ᠲᠦᠬᠦᠬᠡᠢ ᠭᠠ ᠬᠢᠵᠦ ᠪᠤᠴᠠᠯᠭᠠᠭᠠᠳ ᠡᠳᠦᠷ ᠲᠤ 2 ᠤᠳᠠᠭ᠎ᠠ ᠤᠤᠭᠤᠪᠠᠯ ᠲᠤᠷ᠎ᠠ ᠪᠤᠯᠬᠢᠵᠤ | ᠪᠦᠬᠡᠯᠵᠢᠬᠦ ᠶᠢ ᠵᠠᠰᠠᠨ᠎ᠠ ᠃ | ᠲᠦᠷᠪᠡ ᠂ 250g ᠰᠦᠨ ᠳᠤ 1 ᠪᠦᠬᠦᠯᠢ ᠦᠨᠳᠡᠭᠡ ᠶᠢ ᠬᠠᠭᠠᠯᠵᠤ ᠴᠢᠨᠠᠭᠠᠳ ᠦᠷᠯᠦᠬᠡ ᠡᠷᠳᠡ ᠦᠯᠦᠨ ᠢᠶᠠᠷ ᠢᠳᠡᠨ᠎ᠠ ᠂ ᠢᠡᠭᠭᠢᠵᠦ ᠨᠡᠯᠢᠶᠡᠳ ᠬᠡᠳᠦᠨ | ᠡᠳᠦᠷ ᠵᠠᠯᠭᠠᠵᠤ ᠢᠳᠡᠪᠡᠯ ᠤᠳᠠᠭᠠᠨ ᠴᠢᠨᠠᠷᠳᠠᠢ ᠬᠤᠳᠤᠭᠤᠳᠤᠨ ᠦᠷᠪᠢᠰᠦᠯ ᠢ ᠵᠠᠰᠠᠬᠤ ᠳᠤ ᠰᠡᠶᠢᠨ ᠪᠠᠶᠢᠳᠠᠭ ᠃ | ᠲᠠᠪᠤ ᠂ 250g ᠰᠦ ᠶᠢ ᠪᠤᠴᠠᠯᠭᠠᠭᠠᠳ 50g ᠪᠠᠯ ᠂ ᠨᠢᠰᠢᠩᠭᠦ ᠶᠢᠨ ᠲᠠᠯᠬ᠎ᠠ ᠬᠢᠵᠦ ᠤᠤᠭᠤᠪᠠᠯ ᠬᠤᠳᠤᠭᠤᠳᠤᠨ ᠤ ᠰᠢᠷᠬᠠᠯᠠᠭ᠎ᠠ ᠪᠠ ᠨᠤᠭᠤᠯᠤᠭᠤᠷ | ᠬᠡᠳᠡᠰᠦᠨ ᠤ ᠰᠢᠷᠬᠠᠯᠠᠭ᠎ᠠ ᠶᠢ ᠵᠠᠰᠠᠬᠤ ᠳᠤ ᠲᠤᠰᠠᠳᠠᠢ ᠃ | ᠵᠢᠷᠭᠤᠭ᠎ᠠ ᠂ 500g ᠰᠦᠨ ᠳᠤ 15g ᠴᠢᠪᠠᠭ᠎ᠠ ᠂ 100g ᠲᠤᠲᠤᠷᠭ᠎ᠠ ᠬᠢᠵᠦ ᠴᠢᠨᠠᠭᠠᠳ ᠢᠳᠡᠪᠡᠯ ᠲᠠᠮᠢᠷ ᠮᠠᠭᠤᠳᠠᠬᠤ ᠂ ᠴᠢᠰᠤ ᠬᠦᠷᠦᠯᠴᠡᠬᠦ ᠦᠬᠡᠢ ᠂ | ᠶᠠᠳᠠᠷᠠᠵᠤ ᠲᠠᠮᠢᠷᠳᠠᠬᠤ ᠳᠤ ᠵᠠᠰᠠᠯ ᠪᠤᠯᠤᠨ᠎ᠠ ᠃ | ᠲᠤᠯᠤᠭ᠎ᠠ ᠂ ᠲᠤᠲᠤᠷᠭ᠎ᠠ ᠶᠢᠨ ᠰᠢᠩᠭᠡᠨ ᠪᠤᠳᠠᠭᠠᠨ ᠳᠤ ᠰᠦ ᠬᠢᠵᠦ ᠪᠤᠴᠠᠯᠭᠠᠭᠠᠳ ᠦᠷᠯᠦᠬᠡ ᠂ ᠤᠷᠤᠢ ᠳᠠᠭᠠᠨ ᠪᠦᠯᠢᠶᠡᠨ ᠢᠶᠠᠷ ᠢᠳᠡᠪᠡᠯ ᠢᠳᠡᠷᠴᠤᠳ ᠪᠠ | ᠨᠠᠰᠤᠳᠠᠶᠢᠴᠤᠳ ᠤᠨ ᠪᠡᠶ᠎ᠡ ᠲᠠᠮᠢᠷ ᠰᠤᠯᠠ ᠲᠤᠷᠤᠢ ᠂ ᠲᠠᠮᠢᠷ ᠴᠢᠰᠤ ᠶᠢᠨ ᠬᠤᠷᠤᠭᠳᠠᠯ ᠪᠠ ᠡᠪᠡᠳᠴᠢᠯᠡᠬᠡᠳ ᠡᠴᠡᠵᠦ ᠲᠤᠷᠠᠬᠤ ᠂ ᠠᠮᠠ ᠬᠠᠳᠠᠵᠤ ᠤᠮᠳᠠᠭᠠᠰᠬᠤ ᠂ | ᠬᠤᠳᠤᠭᠤᠳᠤ ᠤᠷᠪᠠᠨ ᠵᠠᠩᠭᠢᠷᠠᠬᠤ ᠂ ᠬᠤᠷᠭᠤᠰᠤᠯᠠᠬᠤ ᠵᠡᠷᠬᠡ ᠡᠪᠡᠳᠴᠢᠨ ᠠᠷᠬᠠᠭ ᠢ ᠵᠠᠰᠠᠬᠤ ᠳᠤ ᠲᠤᠰᠠᠳᠠᠢ ᠃ | ᠨᠠᠶᠢᠮᠨ ᠂ 250g ᠰᠦ ᠶᠢ ᠪᠤᠴᠠᠯᠭᠠᠭᠠᠳ 6g ᠪᠤᠭᠤ ᠶᠢᠨ ᠡᠪᠡᠷ ᠤᠨ ᠴᠠᠪᠠᠤ ᠬᠢᠵᠦ ᠬᠠᠶᠢᠯᠤᠭᠤᠯᠤᠨ ᠪᠠᠭ᠎ᠠ ᠪᠠᠯ ᠬᠢᠵᠦ ᠬᠤᠳᠬᠤᠯᠠᠭᠰᠠᠨ ᠤ ᠬᠤᠶᠢᠨ᠎ᠠ | ᠡᠳᠦᠷ ᠲᠤ 2 ᠤᠳᠠᠭ᠎ᠠ ᠤᠤᠭᠤᠪᠠᠯ ᠪᠦᠬᠡᠷ᠎ᠡ ᠶᠢᠨ ᠬᠡᠢ ᠪᠠ ᠨᠢᠷᠤᠭᠤ ᠡᠪᠡᠳᠬᠦ ᠂ ᠲᠤᠯᠤᠭᠠᠢ ᠡᠷᠬᠢᠨ ᠨᠢᠳᠦ ᠡᠷᠢᠶᠡᠯᠵᠡᠬᠦ ᠂ ᠴᠢᠷᠠᠢ ᠬᠤᠵᠶᠢᠬᠤ ᠵᠡᠷᠬᠡ ᠡᠪᠡᠳᠴᠢᠨ | ᠠᠷᠬᠠᠭ ᠢ ᠵᠠᠰᠠᠬᠤ ᠳᠤ ᠲᠤᠰᠠᠳᠠᠢ ᠃ | ᠶᠢᠰᠤ ᠂ ᠰᠦ ᠪᠠᠰᠠ ᠵᠠᠷᠢᠮ ᠡᠪᠡᠳᠴᠢᠨ ᠢ ᠰᠡᠷᠬᠡᠶᠢᠯᠡᠬᠦ ᠴᠢᠳᠠᠪᠤᠷᠢ ᠲᠠᠢ ᠶᠤᠮ ᠃ ᠰᠦᠨ ᠲᠤᠲᠤᠷ᠎ᠠ ᠶᠡᠭᠡ ᠬᠡᠮᠵᠢᠶᠡᠨ ᠤ ᠤᠭᠤᠷᠠᠭ ᠡᠳ᠋ ᠠᠭᠤᠯᠤᠭᠳᠠᠵᠤ ᠂ | ᠲᠡᠷᠡ ᠨᠢ ᠬᠦᠮᠦᠨ ᠤ ᠬᠤᠳᠤᠭᠤᠳᠤ ᠬᠡᠳᠡᠰᠦᠨ ᠳᠤ ᠤᠷᠤᠭᠰᠠᠨ ᠲᠤᠭᠤᠯᠭ᠎ᠠ ᠂ ᠮᠦᠡᠭᠭᠦᠨ ᠤᠰᠤ ᠵᠡᠷᠬᠡ ᠪᠡᠶᠡᠨ ᠳᠤ ᠬᠤᠤᠷᠳᠠᠢ ᠲᠡᠮᠦᠷᠯᠢᠭ ᠪᠤᠳᠠᠰ ᠲᠠᠢ ᠨᠡᠶᠢᠯᠡᠵᠦ ᠂ | ᠠᠭᠤᠰᠬᠤ ᠴᠢᠨᠠᠷ ᠢᠶᠠᠷ ᠮᠠᠭᠤ ᠨᠢᠬᠡᠳᠦᠮᠡᠯ ᠪᠤᠳᠠᠰ ᠪᠤᠯᠤᠭᠠᠳ ᠰᠢᠬᠡᠰᠦ ᠪᠠᠷ ᠲᠠᠮᠵᠢᠨ ᠭᠠᠳᠠᠭᠰᠢᠯᠠᠨ᠎ᠠ ᠃ | ᠠᠷᠪᠠ ᠂ ᠰᠦᠨ ᠲᠤᠲᠤᠷ᠎ᠠ ᠲᠤᠭᠳᠠᠭᠰᠠᠨ ᠬᠡᠮᠵᠢᠶᠡᠨ ᠤ ᠬᠡᠦᠬᠡᠳ ᠤᠨ ᠰᠠ ᠡᠪᠡᠳᠴᠢᠨ ᠤ ᠬᠤᠤᠷ ᠂ ᠰᠠᠪᠬᠠᠨᠴᠢᠷ ᠪᠠᠺᠲ᠋ᠧᠷᠢ ᠶᠢ ᠡᠰᠡᠷᠬᠦᠴᠡᠬᠦ ᠪᠤᠳᠠᠰ | ᠠᠭᠤᠯᠤᠭᠳᠠᠵᠤ ᠪᠠᠶᠢᠬᠤ ᠲᠤᠯᠠ ᠨᠢᠯᠬ᠎ᠠ ᠬᠡᠦᠬᠡᠳ ᠲᠤ ᠰᠦ ᠤᠤᠭᠤᠯᠭᠠᠪᠠᠯ ᠲᠡᠲᠡᠬᠡᠷ ᠪᠠᠺᠲ᠋ᠧᠷᠢ ᠪᠠ ᠡᠪᠡᠳᠴᠢᠨ ᠤ ᠬᠤᠤᠷ ᠢ ᠡᠰᠡᠷᠬᠦᠴᠡᠬᠦ ᠴᠢᠳᠠᠪᠤᠷᠢ ᠶᠢ | ᠨᠡᠮᠡᠭᠳᠡᠬᠦᠯᠦᠨ᠎ᠠ ᠃ | ᠠᠷᠪᠠᠨ ᠨᠢᠬᠡ ᠂ ᠰᠠᠶ᠋ᠢ ᠲᠦᠷᠦᠭᠰᠡᠨ ᠨᠢᠷᠡᠢ ᠬᠡᠦᠬᠡᠳ ᠢ ᠬᠦᠬᠦᠬᠦᠯᠬᠦ ᠠᠴᠠ ᠡᠮᠦᠨ᠎ᠡ ᠰᠢᠷ᠎ᠠ ᠲᠤᠰᠤ ᠶᠢ ᠠᠮᠠᠨ ᠳᠤᠨᠢ ᠬᠢᠵᠦ ᠤᠤᠭᠤᠯᠭᠠᠪᠠᠯ ᠵᠤᠩᠭᠠᠭ ᠢ ᠨᠢ | ᠠᠷᠢᠯᠭᠠᠵᠤ ᠂ ᠬᠡᠳᠡᠰᠦ ᠶᠢ ᠨᠢ ᠴᠡᠪᠡᠷᠰᠢᠬᠦᠯᠳᠡᠭ ᠃ | ᠠᠷᠪᠠᠨ ᠬᠤᠶᠠᠷ ᠂ ᠰᠠᠯᠬᠢ ᠠᠪᠤᠭᠰᠠᠨ ᠠᠴᠠ ᠪᠤᠯᠵᠤ ᠬᠡᠦᠬᠡᠳ ᠤᠨ ᠬᠡᠳᠡᠰᠦ ᠬᠦᠬᠡᠬᠡᠪᠡᠯ ᠰᠢᠷ᠎ᠠ ᠲᠤᠰᠤ ᠶᠢ ᠬᠠᠶᠢᠯᠤᠭᠤᠯᠤᠭᠠᠳ ᠭᠠᠷ ᠲᠡᠭᠡᠷ᠎ᠡ ᠪᠠᠨ ᠲᠦᠷᠬᠢᠵᠦ | ᠬᠡᠳᠡᠰᠦ ᠶᠢ ᠨᠢ ᠢᠯᠢᠪᠡᠯ ᠰᠡᠶᠢᠨ ᠪᠤᠯᠳᠠᠭ ᠃ | ᠠᠷᠪᠠᠨ ᠭᠤᠷᠪᠠ ᠂ ᠰᠢᠷ᠎ᠠ ᠲᠤᠰᠤ ᠶᠢ ᠪᠤᠷᠠᠮ ᠲᠠᠢ ᠬᠤᠯᠢᠵᠤ ᠤᠤᠭᠤᠪᠠᠯ ᠬᠠᠨᠢᠶᠠᠬᠤ ᠶᠢ ᠵᠤᠭᠰᠤᠭᠠᠳᠠᠭ ᠃ | ᠠᠷᠪᠠᠨ ᠲᠦᠷᠪᠡ ᠂ ᠵᠦᠬᠡᠢ ᠂ ᠰᠢᠮᠠᠭᠤᠯ ᠳᠤ ᠬᠠᠳᠬᠤᠭᠳᠠᠭᠰᠠᠨ ᠭᠠᠵᠠᠷ ᠲᠤ ᠠᠶᠢᠷᠠᠭ ᠲᠠᠷᠠᠭ ᠲᠦᠷᠬᠢᠪᠡᠯ ᠬᠤᠤᠷ ᠢ ᠨᠢ ᠲᠠᠶᠢᠯᠳᠠᠭ ᠃ | ᠠᠷᠪᠠᠨ ᠲᠠᠪᠤ ᠂ ᠨᠠᠰᠤᠳᠠᠢ ᠬᠦᠮᠦᠨ ᠦᠷᠬᠦᠯᠵᠢ ᠰᠢᠷ᠎ᠠ ᠲᠤᠰᠤ ᠢᠳᠡᠪᠡᠯ ᠬᠡᠳᠡᠰᠦ ᠬᠦᠬᠡᠬᠡᠬᠦ ᠳᠤ ᠰᠡᠶᠢᠨ ᠮᠦᠷᠳᠡᠬᠡᠨ ᠰᠢᠮ᠎ᠠ ᠲᠡᠵᠢᠬᠡᠯ ᠬᠦᠷᠳᠡᠵᠦ ᠂ ᠲᠠᠮᠢᠷ | ᠲᠡᠩᠭᠡᠭᠡ ᠨᠢ ᠰᠠᠶᠢᠵᠢᠷᠠᠨ᠎ᠠ ᠃ | ᠠᠷᠪᠠᠨ ᠵᠢᠷᠭᠤᠭ᠎ᠠ ᠂ ᠰᠤᠭᠳᠤᠭᠰᠠᠨ ᠪᠤᠶᠤ ᠰᠢᠷᠠᠳᠤᠭᠰᠠᠨ ᠬᠦᠮᠦᠨ ᠠᠶᠢᠷᠠᠭ ᠲᠠᠷᠠᠭ ᠤᠤᠭᠤᠪᠠᠯ ᠠᠮᠠᠷᠬᠠᠨ ᠰᠡᠷᠬᠦᠨ᠎ᠠ ᠃ | ᠠᠷᠪᠠᠨ ᠲᠤᠯᠤᠭ᠎ᠠ ᠂ ᠴᠠᠭᠠᠨ ᠢᠳᠡᠭᠡ ᠢᠯᠡᠬᠦᠬᠡᠨ ᠢᠳᠡᠪᠡᠯ ᠰᠦᠰᠦᠨ ᠤ ᠴᠢᠯᠠᠭᠤᠵᠢᠯ ᠠᠴᠠ ᠰᠡᠷᠬᠡᠶᠢᠯᠡᠵᠦ ᠲᠡᠶᠢᠯᠦᠨ᠎ᠠ ᠃ | ᠠᠷᠪᠠᠨ ᠨᠠᠶᠢᠮᠨ ᠂ ᠡᠮ ᠳᠤ ᠬᠤᠤᠷᠳᠠᠭᠰᠠᠨ ᠬᠦᠮᠦᠨ ᠠᠶᠢᠷᠠᠭ ᠲᠠᠷᠠᠭ ᠤᠤᠭᠤᠪᠠᠯ ᠰᠡᠶᠢᠨ ᠪᠤᠯᠳᠠᠭ ᠃ | | |