| ᠬᠦᠮᠤᠰ ᠶᠡᠷᠤ ᠳᠤ ᠪᠠᠨ ︽ ᠰᠢᠳᠤ ᠬᠤᠷᠤᠬᠠᠢᠢᠳᠤᠬᠤ ︾ ᠨᠢ ᠰᠢᠳᠤ ᠶᠢ ᠬᠤᠷᠤᠬᠠᠢ ᠢᠳᠡᠭᠰᠡᠨ ᠠᠴᠠ ᠪᠤᠯᠵᠠᠢ ᠬᠡᠵᠤ ᠬᠡᠯᠡᠳᠡᠭ ᠃ ᠠᠮᠠ ᠪᠠᠨ ᠠᠩᠭᠠᠢᠢᠵᠤ | ᠳᠤᠯᠢᠨ ᠳᠤ ᠦᠵᠡᠪᠡᠯ ᠰᠢᠳᠤᠨ ᠳᠡᠬᠡᠷ᠎ᠠ ᠨᠢ ᠦᠨᠡᠬᠡᠷ ᠨᠦᠬᠡ ᠪᠠᠶᠢᠬᠤ ᠪᠦᠬᠡᠳ ᠪᠠᠰᠠ ᠬᠠᠷ᠎ᠠ ᠦᠩᠬᠡᠳᠠᠢ ᠳᠤᠯᠠ ᠶᠠᠭ ᠯᠠ ᠬᠤᠷᠤᠬᠠᠢ ᠢᠳᠡᠭᠰᠡᠨ ᠰᠢᠭ ᠃ | ᠦᠨᠠᠨ ᠳᠤ ᠪᠠᠨ ︽ ᠰᠢᠳᠤ ᠬᠤᠷᠤᠬᠠᠢᠢᠳᠤᠬᠤ ︾ ᠨᠢ ᠰᠢᠳᠤ ᠶᠢ ᠬᠤᠷᠤᠬᠠᠢ ᠢᠳᠡᠭᠰᠡᠨ ᠪᠢᠰᠢ ᠂ ᠬᠠᠷᠢᠨ ᠪᠠᠺᠲ᠋ᠧᠷᠢ ᠬᠤᠤᠷ ᠬᠢᠭᠰᠡᠨ ᠪᠠᠶᠢᠨ᠎ᠠ ᠃ ᠠᠨᠠᠭᠠᠬᠤ ᠤᠬᠠᠭᠠᠨ | ᠳᠡᠬᠡᠷ᠎ᠠ ᠪᠤᠯ ᠡᠬᠦᠨ ᠢ ︽ ᠰᠢᠳᠤ ᠬᠤᠷᠤᠬᠠᠢᠢᠳᠤᠬᠤ ︾ ᠬᠡᠵᠤ ᠬᠡᠯᠡᠳᠡᠭ ᠦᠬᠡᠢ ᠂ ᠬᠠᠷᠢᠨ ︽ ᠰᠢᠳᠤ ᠬᠦᠨᠳᠡᠶᠢᠷᠡᠬᠦ ︾ ᠬᠡᠳᠡᠭ ᠃ ᠪᠢᠳᠠ ᠢᠳᠡᠬᠡᠨ ᠢᠳᠡᠬᠦ ᠪᠦᠷᠢ | ᠢᠳᠡᠬᠡᠨ ᠤ ᠰᠢᠪᠬᠠᠷᠤᠤ ᠨᠢ ᠰᠢᠳᠤᠨ ᠵᠠᠪᠰᠠᠷ ᠪᠤᠶᠤ ᠰᠢᠳᠤᠨ ᠳᠡᠬᠡᠷ᠎ᠠ ᠪᠠᠭ᠎ᠠ ᠰᠠᠭ᠎ᠠ ᠨᠠᠭᠠᠯᠳᠤᠨ ᠬᠤᠴᠤᠷᠳᠠᠭ ᠃ ᠬᠡᠷᠪᠠ ᠰᠢᠳᠤᠨ ᠤ ᠠᠷᠢᠭᠤᠨ ᠴᠡᠪᠡᠷ ᠢ ᠠᠩᠬᠠᠷᠬᠤ | ᠦᠬᠡᠢ ᠪᠤᠯ ᠠᠮᠠᠨ ᠳᠤᠳᠤᠷᠠᠬᠢ ᠪᠠᠺᠲ᠋ᠧᠷᠢ ᠨᠢ ᠢᠳᠡᠬᠡᠨ ᠤ ᠰᠢᠪᠬᠠᠷᠤᠤ ᠳᠤ ᠤᠷᠤᠭᠠᠳ ᠳᠡᠬᠦᠨ ᠢ ᠢᠰᠤᠯᠳᠤᠬᠦᠯᠵᠤ ᠬᠦᠴᠢᠯ ᠴᠢᠨᠠᠷᠳᠠᠢ ᠡᠳ᠋ ᠪᠤᠯᠭᠠᠳᠠᠭ ᠃ | ᠰᠢᠳᠤᠨ ᠤ ᠭᠤᠤᠯ ᠪᠦᠷᠢᠯᠳᠤᠬᠦᠨ ᠺᠠᠯᠼ ᠨᠢ ᠬᠦᠴᠢᠯ ᠲᠠᠢ ᠠᠭᠤᠯᠵᠠᠪᠠᠯ ᠳᠠᠷᠤᠢ ᠬᠢᠯᠪᠠᠷᠬᠠᠨ ᠠᠭᠤᠰᠳᠠᠭ ᠂ ᠬᠦᠮᠤᠨ ᠬᠡᠷᠪᠠ ᠤᠷᠳᠤ ᠬᠤᠭᠤᠴᠠᠭ᠎ᠠ ᠰᠢᠳᠤ ᠪᠠᠨ | ᠱᠤᠧᠠᠰᠠᠳᠠᠵᠤ ᠠᠮᠠ ᠪᠠᠨ ᠵᠠᠶᠢᠯᠬᠤ ᠦᠬᠡᠢ ᠪᠤᠯ ᠤᠳᠠᠭᠠᠨ ᠳᠤ ᠪᠠᠨ ᠦᠩᠬᠡᠨ ᠳᠠᠯ᠎ᠠ ᠳᠠᠪᠬᠤᠷᠭ᠎ᠠ ᠳᠠᠬᠢ ᠰᠢᠳᠤᠨ ᠤ ᠹᠠᠯᠠᠨ ᠨᠢ ᠬᠡᠮᠳᠤᠬᠦ ᠪᠤᠯᠤᠨ᠎ᠠ ᠃ ᠰᠢᠳᠤᠨ ᠤ | ᠬᠤᠳᠦ᠋ᠢᠵᠤ ᠤᠷᠤᠭᠰᠠᠨ ᠬᠡᠰᠡᠭ ᠲᠤ ᠨᠢ ᠢᠳᠡᠬᠡᠨ ᠤ ᠰᠢᠪᠬᠠᠷᠤᠤ ᠨᠠᠩ ᠠᠮᠠᠷᠬᠠᠨ ᠬᠤᠷᠠᠮᠳᠤᠳᠠᠭ ᠪᠤᠯᠬᠤᠷ ᠳᠠᠷᠠ ᠨᠢ ᠪᠠᠺᠲ᠋ᠧᠷᠢ ᠶᠢᠨ ᠦᠷᠡᠵᠢᠵᠤ ᠦᠰᠬᠦ ᠳᠠᠯᠠᠪᠠᠢ | ᠪᠤᠯᠳᠠᠭ ᠃ ᠢᠳᠡᠭᠳᠡᠬᠦ ᠳᠤᠳᠤᠮ ᠤᠯᠠᠮ ᠬᠦᠨ ᠪᠤᠯᠵᠤ ᠂ ᠶᠠᠭ ᠯᠠ ᠬᠤᠷᠤᠬᠠᠢ ᠳᠤ ᠢᠳᠡᠭᠳᠡᠭᠰᠡᠨ ᠰᠢᠭ ᠨᠦᠬᠡ ᠭᠠᠷᠳᠠᠭ ᠃ ᠬᠦᠮᠤᠰ ︽ ᠰᠢᠳᠤ ᠡᠪᠡᠳᠬᠦ ᠨᠢ | ᠡᠪᠡᠳᠴᠢᠨ ᠳᠤ ᠳᠤᠭᠠᠴᠠᠭᠳᠠᠬᠤ ᠦᠬᠡᠢ ᠂ ᠡᠪᠡᠳᠤᠬᠡᠳ ᠡᠬᠢᠯᠡᠪᠡᠯ ᠠᠮᠢ ᠠᠪᠤᠮᠠᠷ ︾ ᠬᠡᠵᠤ ᠬᠡᠯᠡᠳᠡᠭ ᠃ ᠰᠢᠳᠤᠨ ᠤ ᠹᠠᠯᠠᠨ ᠡᠳ᠋ ᠨᠢ ᠬᠤᠪᠬᠤᠷᠠᠵᠤ ᠤᠨᠠᠭᠠᠳ | ᠰᠢᠳᠤᠨ ᠡᠳ᠋ ᠨᠢ ᠢᠯᠡᠷᠡᠭᠰᠡᠨ ᠦᠶ᠎ᠠ ᠳᠤ ᠬᠦᠴᠢᠳᠠᠢ ᠂ ᠠᠮᠳᠠᠳᠠᠢ ᠂ ᠬᠦᠢᠳᠡᠨ ᠂ ᠬᠠᠯᠠᠭᠤᠨ ᠵᠡᠷᠬᠡ ᠰᠡᠳᠤᠯᠳᠠ ᠳᠤ ᠳᠤᠬᠢᠶᠠᠯᠳᠤᠪᠠᠯ ᠳᠡᠰᠪᠤᠷᠢᠯᠡᠬᠦᠶᠠ ᠪᠡᠷᠬᠡ ᠪᠤᠯᠳᠠᠯ᠎ᠠ | ᠱᠠᠷᠬᠢᠷᠠᠵᠤ ᠡᠪᠡᠳᠳᠡᠭ ᠃ ᠬᠡᠷᠪᠠ ᠪᠠᠺᠲ᠋ᠧᠷᠢ ᠨᠢ ᠰᠢᠳᠤᠨ ᠡᠳ᠋ ᠤᠨ ᠳᠦᠪ ᠊᠊᠊᠊ ᠰᠢᠳᠤᠨ ᠤ ᠴᠢᠮᠤᠬᠡᠨ ᠳᠤ ᠰᠢᠷᠭᠤᠨ ᠤᠷᠤᠪᠠᠯ ᠦᠷᠪᠢᠰᠤᠯ ᠡᠬᠦᠰᠬᠡᠵᠤ ᠢᠳᠡᠬᠡᠯᠡᠳᠡᠭ | ᠳᠤᠯᠠ ᠨᠠᠩ ᠰᠦᠷᠡᠬᠡᠢ ᠡᠪᠡᠳᠤᠬᠦᠯᠳᠡᠭ ᠃ ᠰᠦᠷᠡᠬᠡᠢ ᠡᠪᠡᠳᠳᠡᠭ ᠤᠨ ᠰᠢᠯᠳᠠᠭᠠᠨ ᠨᠢ ᠰᠢᠳᠤᠨ ᠤ ᠴᠢᠮᠤᠬᠡ ᠪᠤᠯ ᠪᠠᠳᠤ ᠪᠠᠬᠢ ᠶᠠᠰᠤᠯᠢᠬ ᠡᠳ᠋ ᠲᠤ ᠪᠠᠭᠯᠠᠭᠳᠠᠵᠤ ᠂ | ᠠᠭᠰᠢᠵᠤ ᠳᠡᠯᠡᠭᠳᠡᠬᠦ ᠪᠤᠯᠤᠯᠴᠠᠭ᠎ᠠ ᠦᠬᠡᠢ ᠪᠤᠯᠬᠤᠷ ᠬᠡᠷᠪᠠ ᠬᠠᠪᠤᠳᠪᠠᠯ ᠰᠢᠳᠤᠨ ᠤ ᠮᠡᠳᠡᠷᠡᠯ ᠢ ᠴᠢᠩᠭ᠎ᠠ ᠳᠠᠷᠤᠭᠠᠳ ᠂ ᠰᠦᠷᠡᠬᠡᠢ ᠡᠪᠡᠳᠤᠬᠦᠯᠳᠡᠭ ᠃ ︽ ᠰᠢᠳᠤ | ᠬᠤᠷᠤᠬᠠᠢᠢᠳᠤᠬᠤ ︾ ᠶᠢ ᠤᠷᠢᠳᠴᠢᠯᠠᠨ ᠰᠡᠷᠬᠡᠶᠢᠯᠡᠵᠤ ᠪᠤᠯᠤᠨ᠎ᠠ ᠃ ᠡᠬᠦᠨ ᠳᠤ ᠪᠡᠶ᠎ᠠ ᠶᠢᠨ ᠪᠤᠯᠪᠠᠰᠤᠷᠠᠯ ᠢ ᠠᠩᠬᠠᠷᠬᠤ ᠶᠢᠨ ᠬᠠᠮᠳᠤ ᠂ ᠡᠳᠤᠷ ᠪᠦᠷᠢ ᠰᠢᠳᠤ ᠪᠠᠨ | ᠱᠤᠧᠠᠰᠠᠳᠠᠠ ᠠᠮᠠ ᠪᠠᠨ ᠵᠠᠶᠢᠯᠵᠤ ᠂ ᠠᠮᠠᠨ ᠬᠦᠨᠳᠡᠢ ᠶᠢ ᠠᠷᠢᠭᠤᠨ ᠴᠡᠪᠡᠷ ᠪᠠᠶᠢᠯᠭᠠᠵᠤ ᠂ ᠪᠠᠺᠲ᠋ᠧᠷᠢ ᠶᠡᠭᠡ ᠬᠡᠮᠵᠢᠶ᠎ᠠ ᠪᠠᠷ ᠦᠷᠡᠵᠢᠬᠦ ᠵᠠᠪᠰᠢᠶᠠᠨ ᠢ ᠦᠬᠡᠶᠢᠰᠬᠡᠬᠦ | ᠬᠡᠷᠡᠭᠳᠡᠢ ᠃ | |