| | ᠣᠶᠢᠷ᠎ᠠ ᠳᠤ ᠬᠠᠶᠢᠨᠠᠨ ᠤ ᠴᠠᠭᠳᠠᠭᠠᠨ ᠤ ᠲᠠᠯ᠎ᠠ ᠶᠢᠨ ᠬᠢᠨ ᠮᠤᠵᠢ ᠠᠯᠤᠰᠯᠠᠨ ᠬᠤᠤᠷᠲᠤ ᠡᠳ᠋ ᠫᠠᠨᠽᠠᠯᠠᠭᠰᠠᠨ ᠬᠡᠷᠡᠭ ᠢ ᠠᠮᠵᠢᠯᠲᠠ ᠲᠠᠢ ᠪᠠᠷ ᠳᠡᠩᠨᠡᠨ ᠢᠯᠡᠷᠡᠭᠦᠯᠵᠦ ᠂ | ᠬᠤᠤᠷᠲᠤ ᠡᠳ᠋ ᠠᠭᠤᠯᠤᠭᠰᠠᠨ ᠪᠦᠷᠢᠯᠳᠦᠬᠦᠨ ᠲᠠᠢ ᠡᠯᠧᠺᠲᠷᠣᠨ ᠲᠠᠮᠠᠬᠢ ᠫᠠᠨᠽᠠᠯᠠᠬᠤ ᠪᠠᠷ ᠭᠤᠤᠯ ᠪᠣᠯᠭᠠᠭᠰᠠᠨ ᠨᠢᠡ ᠵᠤᠷᠪᠤᠰ ᠰᠦᠯᠵᠢᠶ᠎ᠡ ᠪᠠᠷ | ᠡᠯᠧᠺᠲᠷᠣᠨ ᠲᠠᠮᠠᠬᠢ ᠫᠠᠨᠽᠠᠯᠠᠳᠠᠭ ᠵᠠᠮ ᠢ ᠲᠠᠰᠤᠯᠤᠬᠰᠠᠨ ᠪᠠᠶᠢᠨ᠎ᠠ ᠃ ︽ ᠮᠢᠨᠴᠦᠭᠦᠷᠡᠭᠦᠯᠬᠦ ︾ ᠪᠠᠷ ᠬᠤᠤᠷᠲᠤ ᠡᠳ᠋ ᠢ ᠤᠷᠤᠯᠠᠭᠤᠯᠵᠤ ᠢ ᠲᠦᠸᠧ | ᠮᠢ ᠡᠰᠲ᠋ᠧᠷ ᠢ ︽ ᠲᠤᠯᠤᠭᠠᠢ ᠳᠤ ᠭᠠᠷᠬᠤ ︾ ᠡᠯᠧᠺᠲᠷᠣᠨ ᠲᠠᠮᠠᠬᠢ ᠳᠤ ᠬᠤᠯᠢᠵᠦ ᠣᠷᠣᠭᠤᠯᠪᠡ ᠃ | ᠬᠠᠶᠢᠨᠠᠨ ᠤ ᠴᠠᠭᠳᠠᠭᠠᠨ ᠤ ᠲᠠᠯ᠎ᠠ ᠶᠢᠨ ᠬᠢᠨ ᠰᠤᠷᠪᠤᠯᠵᠢᠯᠠᠨ ᠪᠠᠶᠢᠴᠠᠭᠠᠬᠤ ᠳᠤᠮᠳᠠ ᠪᠠᠨ ᠂ ᠠᠷᠢᠬᠢᠨ ᠮᠤᠬᠤᠯᠠᠭ ᠲᠤ ᠵᠠᠷᠢᠮ ᠵᠠᠯᠠᠭᠤᠴᠤᠳ ᠨᠢᠭᠡ ᠵᠦᠢᠯ ᠤᠨ | ᠰᠢᠨ᠎ᠡ ᠬᠡᠯᠪᠡᠷᠢ ᠶᠢᠨ ︽ ᠲᠤᠯᠤᠭᠠᠢ ᠳᠤ ᠭᠠᠷᠬᠤ ︾ ᠡᠯᠧᠺᠲᠷᠣᠨ ᠲᠠᠮᠠᠬᠢ ᠶᠢ ᠲᠠᠲᠠᠭᠰᠠᠨ ᠤ ᠳᠠᠷᠠᠭ᠎ᠠ ᠂ ᠲᠣᠯᠣᠭᠠᠶ ᠨᠢ ᠡᠷᠭᠢᠵᠦ ᠨᠢᠳᠦ ᠡᠷᠢᠶᠡᠯᠵᠡᠬᠦ | ᠪᠠ ᠠᠷᠢᠬᠢᠨ ᠳᠤ ᠰᠣᠭᠲᠣᠬᠰᠠᠨ ᠮᠡᠳᠦ ᠪᠠᠶᠢᠳᠠᠯ ᠭᠠᠷᠴᠤ ᠪᠠᠶᠢᠬᠤ ᠶᠢ ᠤᠯᠵᠤ ᠮᠡᠳᠡᠪᠡ ᠃ | ᠢᠡᠭᠭᠢᠭᠡᠳ ᠂ ᠴᠠᠭᠳᠠᠭᠠᠨ ᠤ ᠲᠠᠯ᠎ᠠ ᠶᠢᠨ ᠬᠢᠨ ᠶᠠᠭᠤᠨ ᠤ ᠡᠮᠦᠨ᠎ᠡ ᠬᠤᠤᠷᠲᠤ ᠡᠳ᠋ ᠲᠤ ᠬᠤᠯᠪᠣᠭᠳᠠᠭᠰᠠᠨ ᠬᠡᠷᠡᠭ ᠢ ᠳᠡᠩᠨᠡᠨ ᠪᠠᠶᠢᠴᠠᠭᠠᠪᠠ ᠂ ᠬᠡᠳᠡᠯ᠎ᠡ | ᠲᠤᠬᠠᠶ ᠶᠢᠨ ᠬᠥᠮᠦᠨ ᠳᠤ ᠰᠢᠭᠡᠰᠦᠨ ᠤ ᠪᠠᠶᠢᠴᠠᠭᠠᠯᠲᠠ ᠬᠢᠭᠰᠡᠨ ᠳᠤ ᠂ ᠤᠯᠠᠮᠵᠢᠯᠠᠯᠲᠤ ᠬᠤᠤᠷᠲᠤ ᠡᠳ᠋ ᠢᠯᠡᠷᠡᠭᠰᠡᠨ ᠥᠬᠡᠶ ᠃ ᠭᠡᠪᠡᠴᠦ ᠡᠲᠡᠭᠡᠷ ᠬᠥᠮᠦᠰ ᠤᠨ ᠪᠡᠶ᠎ᠡ | ᠳᠡᠭᠡᠷ᠎ᠡ ᠢᠯᠡᠷᠡᠭᠰᠡᠨ ᠰᠣᠨᠢᠨ ᠵᠢᠭᠲᠡᠶ ᠢᠯᠡᠷᠡᠯ ᠵᠢᠴᠢ ᠲᠣᠰ ᠡᠯᠧᠺᠲᠷᠣᠨ ᠲᠠᠮᠠᠬᠢ ᠶᠢᠨ ᠦᠨᠳᠦᠷ ᠦᠨ᠎ᠡ ᠬᠠᠩᠰᠢ ᠨᠢ ᠬᠤᠤᠷ ᠴᠠᠭᠠᠵᠠᠯᠠᠬᠤ | ᠠᠷᠠᠳ ᠤᠨ ᠴᠠᠭᠳᠠᠭ᠎ᠠ ᠳᠤ ᠬᠡᠪ ᠤᠨ ᠪᠤᠰᠤ ᠲᠥᠷᠥᠭᠳᠡᠯ ᠥᠭᠴᠡᠶ ᠃ | ᠬᠠᠶᠢᠨᠠᠨ ᠮᠤᠵᠢ ᠶᠢᠨ ᠳ᠋ᠢᠩ ᠠᠨ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠬᠤᠤᠷ ᠴᠠᠭᠠᠵᠠᠯᠠᠬᠤ ᠶᠡᠭᠡ ᠠᠩᠭᠢ ᠶᠢᠨ ᠠᠷᠠᠳ ᠤᠨ ᠴᠠᠭᠳᠠᠭ᠎ᠠ ᠄ | ᠡᠨᠡ ᠡᠯᠧᠺᠲᠷᠣᠨ ᠲᠠᠮᠠᠬᠢ ᠨᠢ ᠮᠠᠰᠢ ᠦᠨᠡᠲᠡᠶ ᠂ ᠵᠠᠬ᠎ᠠ ᠳᠡᠯᠭᠡᠭᠦᠷ ᠲᠠᠬᠢ ᠬᠡᠪ ᠤᠨ ᠡᠯᠧᠺᠳ᠋ᠷᠣᠨ ᠲᠠᠮᠠᠬᠢ ᠠᠴᠠ ᠳᠥᠴᠢ ᠠᠴᠠ ᠲᠠᠪᠢᠨ ᠳᠠᠬᠢᠨ | ᠦᠨᠡᠲᠡᠶ ᠪᠠᠶᠢᠨ᠎ᠠ ᠃ ᠡᠶᠢᠮᠦ ᠡᠯᠧᠺᠲᠷᠣᠨ ᠲᠠᠮᠠᠬᠢ ᠨᠢ ᠪᠠᠰᠠ ᠬᠦᠮᠦᠰ ᠢ ᠮᠠᠰᠢ ᠶᠡᠭᠡ ᠰᠢᠨᠤᠯ ᠲᠠᠢ ᠪᠤᠯᠭᠠᠵᠤ ᠂ ᠲᠡᠭᠦᠨ ᠢ ᠲᠠᠲᠠᠭᠰᠠᠨ ᠤ ᠳᠠᠷᠠᠭ᠎ᠠ | ᠲᠣᠯᠣᠭᠠᠶ ᠡᠷᠭᠢᠵᠦ ᠳᠤᠷ᠎ᠠ ᠪᠤᠯᠭᠢᠬᠤ ᠂ ᠴᠢᠨᠠᠭᠰᠢᠯᠠᠪᠠᠯ ᠮᠠᠨᠠᠷᠠᠵᠤ ᠲᠠᠲᠠᠪᠠᠯᠵᠠᠬᠤ ᠪᠠᠶᠢᠳᠠᠯ ᠭᠠᠷᠳᠠᠭ ᠬᠡᠪᠡ ᠃ | ᠴᠠᠭᠳᠠᠭᠠᠨ ᠤ ᠲᠠᠯ᠎ᠠ ᠶᠢᠨ ᠬᠢᠨ ᠲᠡᠷᠡ ᠳᠠᠷᠤᠶ ᠳᠤᠨᠢ ᠬᠡᠷᠡᠭ ᠲᠤ ᠬᠤᠯᠪᠣᠭᠳᠠᠭᠰᠠᠨ ᠡᠯᠧᠺᠲᠷᠣᠨ ᠲᠠᠮᠠᠬᠢ ᠶᠢ ᠰᠢᠯᠭᠠᠨ ᠪᠠᠶᠢᠴᠠᠭᠠᠭᠠᠳ ᠂ ᠲᠣᠰ | ᠡᠯᠧᠺᠲᠷᠣᠨ ᠲᠠᠮᠠᠬᠢ ᠶᠢᠨ ᠪᠦᠷᠢᠯᠳᠦᠬᠦᠨ ᠳᠤ ᠢ ᠲᠦᠸᠧ ᠮᠢ ᠡᠰᠲ᠋ᠧᠷ — ᠨᠢᠭᠡ ᠵᠦᠢᠯ ᠤᠨ ᠤᠰᠤᠨ ᠳᠤ ᠠᠭᠤᠰᠬᠤ ᠥᠬᠡᠶ ᠴᠠᠭᠠᠨ | ᠥᠩᠭᠡ ᠲᠠᠢ ᠨᠤᠨᠲᠠᠭ ᠪᠣᠳᠠᠰ ᠠᠭᠤᠯᠤᠭᠳᠠᠵᠤ ᠪᠠᠶᠢᠬᠤ ᠶᠢ ᠣᠯᠵᠤ ᠮᠡᠳᠡᠵᠡᠶ ᠂ ᠡᠶᠢᠮᠦ ᠨᠤᠨᠲᠠᠭ ᠪᠣᠳᠠᠰ ᠢ ᠭᠤᠤᠯᠳᠠᠭᠤ ᠪᠦᠷᠢᠮᠦᠰᠦᠨ ᠮᠢᠨᠴᠦᠭᠦᠷᠡᠭᠦᠯᠬᠦ | ᠥᠳᠥᠭᠡᠯᠲᠡ ᠳᠤ ᠬᠡᠷᠡᠭᠯᠡᠳᠡᠭ ᠪᠦᠭᠡᠳ ᠪᠠᠰᠠ ᠣᠬᠤᠷ ᠴᠠᠭ ᠤᠨ ᠮᠡᠰᠡ ᠵᠠᠰᠠᠯ ᠤᠨ ᠮᠢᠨᠴᠦᠭᠦᠷᠡᠭᠦᠯᠬᠡ ᠳᠤ ᠬᠡᠷᠡᠭᠯᠡᠳᠡᠭ ᠃ | ᠬᠠᠤᠯᠢ ᠪᠤᠰᠤ ᠡᠲᠡᠭᠡᠳ ᠨᠢ ᠶᠠᠭ ᠰᠠᠶᠢᠬᠠᠨ ᠢ ᠲᠦᠸᠧ ᠮᠢ ᠡᠰᠲ᠋ᠧᠷ ᠤᠨ ᠮᠢᠨᠴᠦᠭᠦᠷᠡᠭᠦᠯᠬᠦ ᠦᠢᠯᠡᠳᠦᠯ ᠢ ᠠᠰᠢᠬᠯᠠᠨ ᠂ ᠬᠤᠤᠷᠲᠤ ᠡᠳ᠋ ᠢ ᠣᠷᠣᠯᠠᠬᠤ ᠡᠳ᠋ | ᠪᠣᠯᠭᠠᠨ ᠫᠠᠨᠽᠠᠯᠠᠵᠦ ᠪᠤᠢ ᠃ | ᠲᠤᠬᠠᠶ ᠶᠢᠨ ᠭᠠᠵᠠᠷ ᠲᠤ ᠤᠷᠤᠵᠤ ᠢᠷᠡᠭᠰᠡᠨ ᠡᠯᠧᠺᠲᠷᠣᠨ ᠲᠠᠮᠠᠬᠢ ᠶᠢ ᠸᠧᠨ ᠴᠠᠩ ᠨᠤᠳᠤᠭ ᠲᠠᠢ ᠶᠠᠩ ᠣᠪᠣᠭᠲᠤ ᠡᠷᠡᠭᠲᠡᠶ | ᠭᠤᠸᠠᠩᠳᠦ᠋ᠩ ᠠᠴᠠ ᠬᠤᠳᠠᠯᠳᠤᠵᠤ ᠠᠪᠴᠢᠷᠠᠭᠰᠠᠨ ᠢ ᠠᠷᠠᠳ ᠤᠨ ᠴᠠᠭᠳᠠᠭ᠎ᠠ ᠲᠠᠩᠨᠠᠨ ᠪᠠᠶᠢᠴᠠᠭᠠᠭᠠᠳ ᠤᠯᠵᠤ ᠮᠡᠳᠡᠵᠡᠢ ᠃ | ᠶᠠᠩ ᠣᠪᠣᠭᠲᠤ ᠠᠩᠬ᠎ᠠ ᠤᠳᠠᠭ᠎ᠠ ︽ ᠲᠤᠯᠤᠭᠠᠢ ᠳᠤ ᠭᠠᠷᠬᠤ ︾ ᠡᠯᠧᠺᠲᠷᠣᠨ ᠲᠠᠮᠠᠬᠢ ᠲᠠᠢ ᠤᠶᠢᠷᠠᠳᠤᠬᠰᠠᠨ ᠶᠠᠪᠤᠳᠠᠯ ᠬᠡᠪᠡᠯ ᠂ ᠨᠢᠭᠡ | ᠤᠳᠠᠭ᠎ᠠ ᠬᠤᠤᠷ ᠤᠨ ᠰᠢᠨᠤᠯ ᠨᠢ ᠬᠥᠳᠡᠯᠦᠭᠰᠡᠨ ᠤ ᠳᠠᠷᠠᠭ᠎ᠠ ᠂ ᠨᠢᠭᠡ ᠨᠠᠶᠢᠵᠠ ᠠᠴᠠ ᠪᠠᠨ ᠡᠶᠢᠮᠦ ᠡᠯᠧᠺᠲᠷᠣᠨ ᠲᠠᠮᠠᠬᠢ ᠶᠢ ᠲᠠᠳᠠᠪᠠᠯ ᠪᠤᠯᠤᠨ᠎ᠠ | ᠭᠡᠳᠡᠭ ᠢ ᠤᠯᠵᠤ ᠮᠡᠳᠡᠵᠡᠢ ᠃ ᠢᠡᠭᠭᠢᠭᠡᠳ ᠶᠠᠩ ᠣᠪᠣᠭᠲᠤ ᠬᠠᠤᠯᠢ ᠪᠤᠰᠤ ᠠᠷᠭ᠎ᠠ ᠵᠠᠮ ᠢ ᠨᠢ ᠤᠯᠤᠭᠠᠳ ᠂ ︽ ᠲᠤᠯᠤᠭᠠᠢ ᠳᠤ ᠭᠠᠷᠬᠤ ︾ | ᠡᠯᠧᠺᠲᠷᠣᠨ ᠲᠠᠮᠠᠬᠢ ᠪᠠᠷ ᠬᠤᠣᠷᠲᠤ ᠡᠳ᠋ ᠢ ᠤᠷᠤᠯᠠᠭᠤᠯᠵᠤ ᠪᠣᠯᠤᠨ᠎ᠠ ᠭᠡᠵᠦ ᠦᠵᠡᠭᠡᠳ ᠶᠦᠨ ᠣᠪᠣᠭᠲᠤ ᠬᠠᠮᠰᠠᠭᠠᠲᠠᠨ ᠢᠶᠠᠨ ᠲᠠᠲᠠᠵᠤ | ᠲᠡᠭᠦᠨ ᠲᠠᠢ ᠬᠠᠮᠲᠤ ᠪᠠᠷ ᠡᠯᠧᠺᠲᠷᠣᠨ ᠲᠠᠮᠠᠬᠢ ᠫᠠᠨᠽᠠᠯᠠᠪᠠ ᠃ | | | | |