ᠥᠨᠳᠥᠷ ᠬᠠᠯᠠᠭᠤᠨ ᠴᠠᠭ ᠠᠭᠤᠷ ᠤᠨ ᠦᠶ᠎ᠡ ᠳᠦ᠂ ᠭᠡᠷ ᠤᠨ ᠴᠠᠬᠢᠯᠭᠠᠨ ᠬᠡᠷᠡᠭᠰᠡᠯ ᠢ ᠬᠡᠷᠬᠢᠨ ᠭᠠᠯ ᠡᠴᠡ ᠰᠡᠷᠭᠡᠶᠢᠯᠡᠵᠦ ᠠᠮᠤᠷ ᠲᠦᠪᠰᠢᠨ ᠢ ᠠᠩᠬᠠᠷᠬᠤ ᠬᠡᠷᠡᠭᠲᠡᠶ ᠪᠤᠢ︖
ᠨᠡᠶᠢᠲᠡᠯᠡᠭᠰᠡᠨ ᠴᠠᠭ᠄
2023/7/25
    ᠠᠭᠠᠷ ᠲᠣᠬᠢᠷᠠᠭᠤᠯᠤᠭᠴᠢ ᠂ ᠬᠥᠯᠳᠡᠭᠡᠭᠦᠷ ᠂ ᠴᠠᠬᠢᠯᠭᠠᠨ ᠰᠠᠩᠰᠠ ᠵᠡᠷᠭᠡ ᠴᠠᠬᠢᠯᠭᠠᠨ ᠬᠡᠷᠡᠭᠰᠡᠯ    ᠪᠢᠳᠡᠨ ᠳᠤ ᠰᠡᠷᠢᠬᠦᠴᠡᠭᠡᠯᠡᠵᠦ ᠦᠭᠳᠡᠭ       ᠭᠡᠲᠡᠯ᠎ᠡ ᠵᠢᠭᠠᠬᠠᠨ ᠠᠩᠬᠠᠷᠬᠤ ᠦᠭᠡᠢ ᠪᠤᠯ    ᠲᠡᠷᠡ ᠪᠠᠰᠠ ︽ᠠᠭᠤᠷᠯᠠᠭᠠᠳ ᠠᠭᠠᠰᠢ ᠭᠠᠷᠭᠠᠬᠤ ᠪᠣᠯᠤᠯᠴᠠᠭ᠎ᠠ ᠲᠠᠢ︾    ᠡᠳᠦᠷ ᠲᠤᠲᠤᠮ ᠳᠤ ᠡᠳᠡᠭᠡᠷ ᠶᠡᠭᠡ ᠴᠢᠳᠠᠯ ᠲᠠᠢ ᠴᠠᠬᠢᠯᠭᠠᠨ ᠬᠡᠷᠡᠭᠰᠡᠯ ᠢ ᠬᠡᠷᠡᠭᠯᠡᠬᠦ ᠳᠤ ᠵᠠᠪᠠᠯ ᠠᠩᠬᠠᠷᠬᠤ ᠬᠡᠷᠡᠭᠲᠡᠢ    ᠶᠡᠭᠡ ᠴᠢᠳᠠᠯᠲᠤ ᠴᠠᠬᠢᠯᠭᠠᠨ ᠬᠡᠷᠡᠭᠰᠡᠯ ᠢ ᠵᠡᠷᠭᠡᠪᠡᠷ ᠬᠡᠷᠡᠭᠯᠡᠬᠦ ᠠᠴᠠ ᠵᠠᠶᠢᠯᠠᠰᠬᠢᠨ᠎ᠠ    ᠬᠡᠪ ᠤᠨ ᠪᠤᠰᠤ ᠪᠠᠶᠢᠳᠠᠯ ᠢᠯᠡᠷᠡᠪᠡᠯ ᠳᠠᠷᠦ᠋ᠢᠬᠠᠨ ᠴᠠᠬᠢᠯᠭᠠᠨ ᠡᠭᠦᠰᠭᠡᠭᠴᠢ ᠶᠢ ᠬᠠᠭᠠᠬᠤ ᠬᠡᠷᠡᠭᠲᠡᠢ    ᠴᠠᠬᠢᠯᠭᠠᠨ ᠬᠡᠷᠡᠭᠰᠡᠯ ᠴᠢᠭᠢᠭᠲᠦᠬᠦ ᠠᠴᠠ ᠰᠡᠷᠭᠡᠶᠢᠯᠡᠬᠦ ᠪᠠ ᠨᠤᠶᠢᠳᠠᠨ ᠭᠠᠷ ᠢᠶᠠᠷ ᠴᠠᠬᠢᠯᠭᠠᠨᠬᠡᠷᠡᠭᠰᠡᠯ ᠢ ᠬᠡᠷᠡᠭᠯᠡᠭᠡᠳ ᠴᠠᠬᠢᠯᠭᠠᠨ ᠳᠤ ᠴᠣᠬᠢᠭᠳᠠᠬᠤ ᠠᠴᠠ ᠰᠡᠷᠭᠡᠶᠢᠯᠡᠨ᠎ᠡ    ᠬᠡᠷᠪᠡ ᠭᠡᠷ ᠤᠨ ᠴᠠᠬᠢᠯᠭᠠᠨ ᠬᠡᠷᠡᠭᠰᠡᠯ ᠳᠤ ᠭᠠᠯ ᠤᠨ ᠠᠶᠤᠯ ᠲᠣᠬᠢᠶᠠᠯᠳᠤᠪᠠᠯ ᠤᠷᠢᠳᠠᠪᠠᠷ ᠴᠠᠬᠢᠯᠭᠠᠨ ᠡᠭᠦᠰᠭᠡᠭᠴᠢ ᠶᠢ ᠲᠠᠰᠤᠯᠤᠭᠠᠷᠠᠢ   ᠵᠠᠪᠠᠯ ᠬᠥᠮᠦᠨ ᠬᠤᠯᠠᠳᠠᠬᠤ ᠬᠡᠷᠡᠭᠲᠡᠢ    ᠴᠠᠬᠢᠯᠭᠠᠨ ᠡᠭᠦᠰᠭᠡᠭᠴᠢ ᠶᠢ ᠲᠠᠰᠤᠯᠬᠤ ᠳᠤ ᠴᠠᠬᠢᠯᠭᠠᠨ ᠨᠣᠮᠣᠨ ᠰᠦᠷᠴᠢᠵᠦ ᠬᠠᠴᠠᠷ ᠢ ᠰᠢᠲᠠᠭᠠᠬᠤ ᠠᠴᠠ ᠵᠶᠢᠯᠠᠰᠬᠢᠨ᠎ᠡ     ᠭᠠᠯ ᠤᠨᠲᠠᠷᠠᠭᠠᠬᠤ ᠦᠶ᠎ᠡ ᠳᠤ ᠡᠭᠦᠳᠡ ᠴᠣᠩᠬᠤ ᠪᠠᠨ ᠪᠢᠲᠡᠭᠡᠢ ᠨᠡᠭᠡᠭᠡ    ᠰᠠᠯᠬᠢᠨ ᠳᠤ ᠦᠯᠢᠶᠡᠭᠳᠡᠨ ᠰᠢᠲᠠᠬᠤ ᠶᠢ ᠰᠡᠷᠭᠡᠶᠢᠯᠡᠬᠦ    ᠬᠠᠭᠤᠷᠠᠶ ᠨᠤᠨᠲᠠᠭ ᠤᠨ ᠭᠠᠯ ᠤᠨᠲᠠᠷᠠᠭᠠᠭᠤᠷ ᠢ ᠰᠣᠩᠭᠤᠨ ᠭᠠᠯ ᠤᠨᠲᠠᠷᠠᠭᠠᠨ᠎ᠠ    ᠡᠰᠡᠬᠦᠯ᠎ᠡ ᠬᠠᠭᠤᠷᠠᠢ ᠬᠥᠪᠥᠩ ᠬᠥᠨᠵᠢᠯᠡ ᠂ ᠬᠥᠪᠥᠩ ᠬᠤᠪᠴᠠᠰᠤ ᠪᠠᠷ ᠭᠠᠯ ᠡᠴᠡᠬᠠᠯᠬᠠᠯᠠᠨ᠎ᠠ    ᠶᠠᠭᠠᠬᠢᠭᠰᠠᠨ ᠴᠤ ᠴᠠᠬᠢᠯᠭᠠᠨ ᠬᠡᠷᠡᠭᠰᠡᠯ ᠤᠨ ᠲᠥᠬᠦᠭᠡᠷᠦᠮᠵᠢ ᠳᠤ ᠤᠰᠤ ᠰᠦᠷᠴᠢᠵᠦ ᠪᠣᠯᠬᠤ ᠦᠭᠡᠢ     
ᠢᠷᠡᠯᠲᠡ᠄ ᠱᠢ ᠡᠯ ᠯᠢᠶᠠᠨ ᠴᠧᠩ ᠱᠢᠶᠠᠩ ᠤᠨ ᠨᠡᠶᠢᠳᠡᠯᠡᠯ ᠠᠴᠠ ᠤᠷᠴᠢᠭᠤᠯᠤᠨ ᠪᠠᠭᠤᠯᠭᠠᠪᠠ