| ᠦᠨᠦᠳᠦᠷ ᠪᠤᠯ ᠲᠡᠯᠡᠬᠡᠢ ᠶᠢᠨ 36 ᠳᠠᠬᠢ ︽ ᠲᠡᠮᠡᠬᠢ ᠦᠭᠡᠢ ᠡᠳᠦᠷᠯᠢᠭ ︾ ᠪᠤᠯᠤᠨ᠎ᠠ ᠂ ᠡᠨᠡ ᠵᠢᠯ ᠤᠨ ᠭᠤᠤᠯ ᠰᠡᠳᠦᠪ ᠨᠢ ︽ ᠬᠡᠥᠬᠡᠳ ᠢᠶᠠᠨ ᠲᠠᠮᠠᠬᠢ ᠦᠭᠡᠢ | ᠤᠷᠴᠢᠨ ᠳᠤ ᠦᠰᠭᠡᠶ᠎ᠠ ︾ ᠭᠡᠰᠡᠨ ᠠᠭᠤᠯᠭ᠎ᠠ ᠲᠠᠢ ᠶᠤᠮ ᠪᠠᠶᠢᠨ᠎ᠠ ᠃ | ᠳᠠᠮᠠᠬᠢᠨ ᠤ ᠬᠤᠤᠷᠳᠠᠯ ᠨᠢ ᠲᠡᠯᠡᠬᠡᠢ ᠶᠢᠷᠳᠢᠨᠴᠦ ᠳᠤ ᠲᠤᠯᠭᠠᠷᠠᠵᠦ ᠪᠠᠶᠢᠭ᠎ᠠ ᠤᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠬᠠᠮᠤᠭ ᠤᠨ ᠶᠡᠭᠡ ᠰᠦᠷᠳᠡᠭᠦᠯᠦᠯ ᠤᠨ | ᠨᠢᠭᠡ ᠪᠤᠯᠤᠨ᠎ᠠ ᠃ ᠳᠠᠮᠠᠬᠢᠨ ᠠᠴᠠ ᠪᠤᠯᠵᠦ ᠵᠢᠯ ᠪᠦᠷᠢ 700 ᠭᠠᠷᠦᠢ ᠲᠦᠮᠡᠨ ᠬᠦᠮᠦᠨ ᠠᠮᠢ ᠨᠠᠰᠤ ᠪᠠᠨ ᠠᠯᠳᠠᠵᠦ ᠪᠠᠶᠢᠨ᠎ᠠ ᠂ ᠡᠭᠦᠨ ᠳᠤ 600 ᠭᠠᠷᠦᠢ | ᠬᠦᠮᠦᠨ ᠨᠢ ᠰᠢᠭᠤᠳ ᠲᠠᠮᠡᠬᠢ ᠲᠠᠳᠠᠬᠰᠠᠨ ᠠᠴᠠ ᠪᠤᠯᠵᠦ ᠂ 89 ᠲᠦᠮᠡ ᠰᠢᠬᠠᠮ ᠬᠦᠮᠦᠨ ᠨᠢ ᠲᠠᠮᠡᠬᠢᠨ ᠤ ᠤᠳᠤᠭᠠᠨ ᠳᠤ ᠲᠠᠮ ᠬᠤᠤᠷᠳᠠᠬᠰᠠᠨ ᠠᠴᠠ ᠪᠤᠯᠤᠬᠰᠠᠨ | ᠶᠤᠮ ᠃ | ᠡᠶᠢᠮᠦ ᠠᠴᠠ ᠪᠢᠳᠡ ᠪᠦᠬᠦᠨ ᠲᠠᠮᠠᠬᠢᠨ ᠤ ᠰᠢᠭᠤᠳ ᠬᠤᠤᠷᠳᠠᠯ ᠪᠠ ᠲᠠᠮ ᠬᠤᠤᠷᠳᠠᠯ ᠢ ᠲᠡᠪᠴᠢᠬᠦ ᠴᠢᠬᠤᠯᠠᠳᠠᠢ ᠂ ᠨᠡᠩ ᠴᠤ ᠬᠡᠥᠬᠡᠳ ᠪᠠᠭᠠᠴᠤᠳ ᠢ ᠲᠠᠮᠠᠬᠢᠨ ᠠᠴᠠ | ᠬᠤᠯᠠ ᠪᠠᠶᠢᠯᠭᠠᠬᠤ ᠶᠢ ᠭᠡᠷ ᠤᠨ ᠠᠬᠠᠮᠠᠳ ᠴᠢᠬᠤᠯᠠᠴᠢᠯᠠᠵᠤ ᠦᠵᠡᠬᠦ ᠬᠡᠷᠡᠭᠳᠡᠢ ᠃ | ᠭᠡᠳᠡᠯ᠎ᠡ ᠲᠤᠮᠳᠠᠳᠤ ᠪᠠᠭ᠎ᠠ ᠰᠤᠷᠭᠠᠭᠤᠯᠢ ᠶᠢᠨ ᠡᠭᠦᠳᠡᠨ ᠳᠤ ᠬᠡᠥᠬᠡᠳ ᠢᠶᠠᠨ ᠲᠤᠰᠬᠤ ᠪᠠᠷ ᠬᠦᠯᠢᠶᠡᠳᠡᠭ ᠵᠠᠷᠢᠮ ᠬᠡᠷ ᠤᠨ ᠠᠬᠠᠮᠠᠳ ︽ ᠰᠤᠷᠭᠠᠭᠤᠯᠢ ᠶᠢᠨ | ᠬᠦᠷᠢᠶᠡᠨ ᠤ ᠡᠭᠦᠳᠡᠨ ᠳᠤ ᠲᠠᠮᠡᠬᠢ ᠲᠠᠳᠠᠵᠦ ᠪᠤᠯᠬᠤ ᠦᠭᠡᠢ ︾ ᠭᠡᠰᠡᠨ ᠲᠤᠬᠳᠠᠭᠠᠯ ᠢ ᠬᠠᠶᠢᠬᠤᠷᠤᠯ ᠦᠭᠡᠢ ᠪᠠᠷ ᠲᠠᠮᠡᠬᠢ ᠲᠠᠳᠠᠵᠦ ᠴᠠᠭ ᠦᠩᠭᠡᠷᠡᠭᠦᠯᠳᠡᠭ ᠂ | ᠵᠠᠷᠢᠮ ᠨᠢ ᠨᠡᠩ ᠴᠤ ᠰᠤᠷᠭᠠᠭᠤᠯᠢ ᠶᠢᠨ ᠬᠦᠷᠢᠶᠡᠨ ᠠᠴᠠ ᠭᠠᠷᠴᠦ ᠢᠷᠡᠵᠦ ᠪᠠᠶᠢᠭ᠎ᠠ ᠬᠡᠥᠬᠡᠳ ᠤᠳ ᠤᠨ ᠦᠭᠡᠳᠡ ᠠᠴᠠ ᠤᠳᠤᠭ᠎ᠠ ᠪᠠᠭᠠᠬᠢᠭᠤᠯᠳᠠᠭ ᠪᠠᠶᠢᠯ᠎ᠠ ᠃ | ᠡᠳᠡᠭᠡᠷ ᠮᠠᠭᠤ ᠮᠠᠭᠤᠬᠠᠢ ᠵᠠᠩ ᠦᠢᠯᠡ ᠶᠢ ᠡᠷᠡᠰ ᠲᠡᠪᠴᠢᠵᠦ ᠂ ᠬᠡᠥᠬᠡᠳ ᠢᠶᠠᠨ ᠲᠠᠮᠡᠬᠢᠨ ᠤ ᠪᠤᠬᠢᠷᠳᠤᠯ ᠦᠭᠡᠢ ᠴᠡᠪᠡᠷ ᠠᠷᠢᠭᠤᠨ ᠤᠷᠴᠢᠨ ᠳᠤ ᠬᠦᠮᠦᠵᠢᠭᠦᠯᠵᠦ ᠂ | ᠲᠡᠳᠡᠨ ᠤ ᠪᠡᠶ᠎ᠡ ᠰᠡᠳᠭᠢᠯ ᠤᠨ ᠡᠷᠡᠭᠦᠯ ᠮᠡᠨᠳᠦ ᠶᠢ ᠬᠠᠮᠠᠭᠠᠯᠠᠵᠦ ᠶᠠᠪᠤᠬᠤ ᠨᠢ ᠭᠡᠷ ᠤᠨ ᠠᠬᠠᠮᠠᠳ ᠤᠨ ᠴᠢᠬᠤᠯᠠ ᠡᠬᠦᠷᠬᠡ ᠬᠠᠷᠢᠭᠤᠴᠠᠯᠭ᠎ᠠ ᠪᠤᠯᠬᠤ ᠶᠤᠮ ᠃ | | | |