ᠵᠡᠭᠦᠡᠭᠠᠷ ᠠᠷᠠᠳ ᠤᠨ ᠳᠠᠭᠤᠤ — ᠱᠤᠯᠤᠮ ᠬᠠᠳᠤᠨ ①
ᠨᠡᠶᠢᠲᠡᠯᠡᠭᠰᠡᠨ ᠴᠠᠭ᠄
2023/4/4
 ᠪᠠᠷᠠᠭᠤᠨ ᠱᠠᠩ ᠤᠨ ᠪᠤᠭᠤᠳᠠᠢ ᠶᠢᠨ ᠭᠤᠯᠢᠷ ᠪᠤᠢ ᠠᠰᠬᠠᠨ ᠴᠢᠳᠬᠤᠨ ᠭᠤᠤᠯ ᠤᠨ ᠵᠤᠤ ᠲᠡᠭᠡᠷ᠎ᠠ ᠪᠠᠶᠢᠨ᠎ᠠ     ᠠᠢ ᠳ᠋ᠠ  ᠭᠦ᠋ ᠪᠤᠶᠠᠰᠴᠤ ᠯᠡ ᠪᠠᠶᠢᠨ᠎ᠠ᠃ ᠵᠡᠬᠦᠨ ᠶᠤ᠋ ᠱᠠᠩ ᠤᠨ ᠢᠶᠠᠨ ᠴᠢᠰᠠ ᠲᠤᠷᠭ᠎ᠠ ᠪᠤᠢ ᠵᠦᠢᠯᠡᠬᠦᠯᠦᠭᠡᠳ ᠵᠦᠢᠯᠡᠬᠦᠯᠦᠭᠡᠳ ᠭᠤᠤᠯ ᠤᠨ ᠵᠤᠤ ᠲᠡᠭᠡᠷ᠎ᠠ ᠪᠠᠶᠢᠨ᠎ᠠ     ᠠᠢ ᠳ᠋ᠠ  ᠭᠦ᠋ ᠦᠷᠦᠰᠢᠶᠡᠯ ᠶᠠᠭᠤ ᠪᠠᠶᠢᠨ᠎ᠠ  ᠳ᠋ᠤᠤ᠃ ᠬᠠᠨᠢᠯᠠᠭᠠᠳ ᠰᠠᠭᠤᠭᠰᠠᠨ ᠴᠢᠨᠢ ᠲᠡᠷᠡ ᠴᠤ ᠦᠨᠡᠨ ᠶᠤᠮ ᠬᠠᠷᠢᠶᠠᠯ ᠶᠤ᠋ ᠬᠢᠭᠰᠡᠨ ᠴᠢᠨᠢ ᠲᠡᠷᠡ ᠴᠤ ᠬᠤᠳᠠᠯ ᠶᠤᠮ     ᠠᠢ ᠳ᠋ᠠ  ᠭᠦ᠋ ᠦᠷᠦᠰᠢᠶᠡᠯ ᠶᠠᠭᠤ ᠪᠠᠶᠢᠨ᠎ᠠ  ᠳ᠋ᠤᠤ᠃ ᠬᠤᠷᠤᠭᠠᠨ ᠳᠠᠭᠠᠨ ᠰᠠᠭᠤᠬᠤ ᠶᠢ ᠪᠠᠶᠢᠯᠭᠠᠪᠠᠯ ᠪᠠᠶᠢᠯᠭᠠᠭ ᠳ᠋ᠠ ᠬᠤᠨᠢᠨ ᠳᠠᠭᠠᠨ ᠶᠠᠪᠤᠬᠤ ᠶᠢ ᠭᠡᠨ ᠴᠢᠨᠢ ᠪᠠᠶᠢᠯᠭᠠᠬᠤ ᠶᠤᠮ     ᠠᠢ ᠳ᠋ᠠ  ᠭᠦ᠋ ᠦᠷᠦᠰᠢᠶᠡᠯ ᠶᠠᠭᠤ ᠪᠠᠶᠢᠨ᠎ᠠ  ᠳ᠋ᠤᠤ᠃ ᠭᠤᠨᠢᠷ ᠶᠤ᠋ ᠮᠠᠮ᠎ᠠ ᠴᠢᠨᠢ ᠲᠠᠮᠤ ᠶᠢᠨ ᠢᠷᠤᠭᠠᠯ ᠳᠤ ᠭᠤᠩᠬᠤᠯᠢ ᠬᠠᠳᠤᠨ ᠴᠢᠨᠢ ᠳᠠᠯᠢᠶᠠᠨ ᠬᠢᠨᠵᠢᠨ ᠳᠤ     ᠠᠢ ᠳ᠋ᠠ  ᠭᠦ᠋ ᠦᠷᠦᠰᠢᠶᠡᠯ ᠶᠠᠭᠤ ᠪᠠᠶᠢᠨ᠎ᠠ  ᠳ᠋ᠤᠤ᠃ ᠲᠠᠩᠰᠤᠭ ᠶᠤ᠋ ᠯᠠᠮ᠎ᠠ ᠴᠢᠨᠢ ᠲᠠᠮᠤ ᠶᠢᠨ ᠢᠷᠤᠭᠠᠯ ᠳᠤ ᠲᠠᠭᠠᠯᠠᠭᠤᠷ ᠶᠤ᠋ ᠬᠠᠳᠤᠨ ᠴᠢᠨᠢ ᠳᠠᠯᠢᠶᠠᠨ ᠬᠢᠨᠵᠢᠨ ᠳᠤ     ᠠᠢ ᠳ᠋ᠠ  ᠭᠦ᠋ ᠦᠷᠦᠰᠢᠶᠡᠯ ᠶᠠᠭᠤ ᠪᠠᠶᠢᠨ᠎ᠠ  ᠳ᠋ᠤᠤ᠃ ᠲᠠᠩᠭᠤᠳ ᠯᠠᠮ᠎ᠠ ᠴᠢᠨᠢ ᠲᠠᠮᠤ ᠶᠢᠨ ᠢᠷᠤᠭᠠᠯ ᠳᠤ ᠡᠵᠡᠨ ᠢᠶᠠᠨ ᠪᠤᠳᠤᠪᠠᠯ ᠭᠤᠮᠤᠳᠠᠯ ᠶᠠᠭᠤ ᠪᠠᠶᠢᠨ᠎ᠠ  ᠳ᠋ᠤᠤ     ᠠᠢ ᠳ᠋ᠠ  ᠭᠦ᠋ ᠦᠷᠦᠰᠢᠶᠡᠯ ᠶᠠᠭᠤ ᠪᠠᠶᠢᠨ᠎ᠠ  ᠳ᠋ᠤᠤ᠃     ① ᠱᠤᠯᠤᠮ ᠬᠠᠳᠤᠨ — ᠵᠡᠬᠦᠨᠭᠠᠷ ᠬᠤᠰᠢᠭᠤᠨ ᠤ ᠪᠠᠷᠠᠭᠤᠨ ᠲᠤᠰᠠᠯᠠᠭᠴᠢ ᠶᠢᠨ ᠭᠤᠷᠪᠠᠳᠤᠭᠠᠷ ᠬᠠᠳᠤᠨ ᠭᠤᠤᠯ ᠤᠨ ᠵᠤᠤ ᠶᠢᠨ ᠨᠢᠭᠡᠨ ᠲᠠᠩᠭᠤᠳ ᠯᠠᠮ᠎ᠠ  ᠲᠠᠢ ᠬᠠᠨᠢᠯᠠᠭᠰᠠᠨ ᠨᠢ ᠴᠤᠭᠤᠷᠠᠵᠤ ᠰᠢᠳᠭᠡᠭᠳᠡᠬᠦ  ᠳᠡᠭᠡᠨ ᠲᠠᠭᠤᠯᠠᠭᠰᠠᠨ ᠲᠠᠭᠤᠤ ᠭᠡᠨ᠎ᠠ᠃          ᠲᠠᠭᠤᠯᠠᠭᠴᠢ᠄    ᠴᠢ  ᠵᠢᠶᠦ᠋ᠨ  ᠸᠧᠨ          ᠰᠢᠩᠭᠡᠭᠡᠭᠴᠢ᠄     ᠬᠠᠰ         ᠰᠢᠩᠭᠡᠭᠡᠭᠰᠡᠨ  ᠴᠠᠭ ᠄  2010  ᠤᠨ  ᠤ  12  ᠰᠠᠷ᠎ᠠ  
ᠢᠷᠡᠯᠲᠡ᠄ ᠲᠤᠰ ᠰᠦᠯᠵᠢᠶ᠎ᠡ