ᠵᠠᠢ ᠽᠢ ᠭᠧ ᠳ᠋ᠠᠨ ᠤ ᠪᠠᠭᠤᠷᠢ
ᠨᠡᠶᠢᠲᠡᠯᠡᠭᠰᠡᠨ ᠴᠠᠭ᠄
2023/4/4
       ᠵᠡᠭᠦᠨᠭᠠᠷ ᠬᠤᠰᠢᠭᠤᠨ ᠤ ᠰᠢᠤᠸᠠᠢ ᠵᠢᠶᠠ ᠸᠠᠨ ᠪᠠᠯᠭᠠᠰᠤᠨ ᠤ ᠯᠢᠶᠠᠩ ᠠᠨ ᠶᠣᠣ ᠲᠣᠰᠬᠤᠨ ᠳᠤ ᠪᠠᠶᠢᠷᠢᠯᠠᠵᠤ ᠪᠠᠶᠢᠳᠠᠭ᠃ ᠵᠠᠢ ᠽᠢ ᠭᠧ ᠳ᠋ᠠᠨ ᠤ ᠪᠠᠭᠤᠷᠢ ᠶᠢᠨ ᠭᠤᠣᠯ ᠪᠠᠭᠤᠷᠢ ᠪᠣᠯ ᠠᠭᠤᠯᠠᠨ ᠳᠣᠪᠣᠴᠠᠭ ᠤᠨ ᠣᠷᠣᠢ ᠶᠢ ᠲᠣᠭᠤᠷᠢᠨ ᠪᠠᠷᠢᠭᠰᠠᠨ ᠴᠢᠯᠠᠭᠤᠨ ᠬᠡᠷᠡᠮ ᠪᠠ ᠬᠡᠷᠡᠮ ᠳᠣᠲᠣᠷᠠᠬᠢ ᠥᠨᠳᠥᠷ ᠪᠠᠷᠢᠯᠭ᠎ᠠ  ᠨᠤᠭᠤᠳ ᠪᠠᠶᠢᠵᠤ᠂ ᠬᠠᠭᠤᠴᠢᠨ ᠨᠡᠷᠡᠶᠢᠳᠤᠯ ᠪᠤᠯᠤᠨ᠎ᠠ᠃ ᠴᠢᠯᠠᠭᠤᠨ ᠬᠡᠷᠡᠮ ᠨᠢ ᠠᠭᠤᠯᠠᠨ ᠣᠷᠣᠢ ᠶᠢᠨ ᠪᠠᠶᠢᠭᠠᠯᠢᠯᠢᠭ ᠭᠠᠵᠠᠷ ᠤᠨ ᠪᠠᠶᠢᠴᠠ  ᠶᠢ ᠲᠦᠰᠢᠵᠦ ᠪᠠᠷᠢᠭᠰᠠᠨ ᠪᠥᠭᠡᠳ ᠬᠠᠪᠲᠠᠭᠠᠢ ᠬᠡᠯᠪᠡᠷᠢ ᠨᠢ ᠶᠡᠭᠡ ᠵᠢᠭᠳᠡ ᠪᠤᠰᠤ᠂ ᠪᠠᠭ᠎ᠠ ᠵᠤᠤᠪᠠᠩ ᠬᠡᠯᠪᠡᠷᠢᠲᠡᠢ᠂ ᠡᠮᠦᠨ᠎ᠡ ᠬᠤᠶᠢᠨ᠎ᠠ ᠭᠡᠰᠡᠭ ᠤᠨ ᠬᠠᠮᠤᠭ ᠣᠷᠳᠣ ᠨᠢ 160 ᠮᠧᠲᠷ᠂ ᠵᠡᠭᠦᠨ᠂ ᠪᠠᠷᠠᠭᠤᠨ ᠭᠡᠰᠡᠭ ᠤᠨ ᠬᠠᠮᠤᠭ ᠥᠷᠭᠡᠨ ᠨᠢ 110 ᠮᠧᠲᠷ᠂ ᠲᠠᠯᠠᠪᠠᠶ ᠨᠢ ᠪᠠᠷᠤᠭ 1.5 ᠲᠦᠮᠡᠨ ᠲᠡᠭᠰᠢ ᠳᠥᠷᠪᠡᠯᠵᠢᠨ ᠮᠧᠲᠷ ᠪᠠᠶᠢᠳᠠᠭ᠃ ᠴᠢᠯᠠᠭᠤ ᠪᠠᠷ ᠪᠠᠷᠢᠭᠰᠠᠨ ᠬᠦᠷᠢᠶ᠎ᠡ ᠬᠡᠷᠡᠮ ᠤᠨ ᠢᠷᠤᠭᠠᠷ ᠤᠨ ᠥᠷᠭᠡᠨ ᠨᠢ 4.5 ᠮᠧᠲᠷ᠂ ᠣᠷᠣᠢ ᠶᠢᠨ ᠬᠡᠰᠡᠭ ᠤᠨ ᠦᠯᠡᠳᠡᠭᠳᠡᠯ ᠥᠷᠭᠡᠨ ᠨᠢ 0.5 ~ 3.5 ᠮᠧᠲᠷ᠂ ᠦᠯᠡᠳᠡᠭᠳᠡᠯ ᠥᠨᠳᠥᠷ ᠨᠢ ᠪᠠᠷᠤᠭ 1.5 ᠮᠧᠲᠷ ᠪᠤᠢ᠃ ᠬᠦᠷᠢᠶ᠎ᠡ ᠬᠡᠷᠡᠮ ᠤᠨ ᠳᠣᠲᠣᠷᠠᠬᠢ ᠭᠤᠣᠯ ᠬᠡᠰᠡᠭ ᠲᠤ 30 ᠮᠧᠲᠷ ᠤᠷᠲᠤ ᠳᠡᠪᠢᠰᠬᠡᠷ ᠲᠠᠢ ᠥᠨᠳᠥᠷ ᠲᠠᠪᠴᠠᠩ ᠤᠨ ᠰᠠᠭᠤᠷᠢ ᠪᠠᠶᠢᠳᠠᠭ᠂ ᠳᠡᠬᠦᠨ ᠠᠴᠠ ᠭᠤᠣᠯᠳᠠᠭᠤ ᠱᠠᠰᠢᠨ ᠤ ᠤᠴᠢᠷ ᠶᠠᠪᠤᠳᠠᠯ ᠢ ᠭᠦᠢᠴᠡᠳᠬᠡᠳᠡᠭ ᠳᠠᠬᠢᠯᠭ᠎ᠠ ᠶᠢᠨ ᠲᠠᠪᠴᠠᠩ ᠤᠨ ᠤᠯᠠ ᠮᠥᠷ  ᠬᠠᠷᠠᠬᠳᠠᠨ᠎ᠠ᠃ 2013 ᠣᠨ ᠤ 5 ᠰᠠᠷ᠎ᠠ ᠳᠤ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠪᠦᠬᠦ ᠤᠯᠤᠰ ᠤᠨ ᠳᠣᠯᠣᠳᠤᠭᠠᠷ ᠪᠦᠯᠦᠭ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯ ᠤᠨ ᠬᠠᠮᠠᠭᠠᠯᠠᠯᠲᠠ ᠶᠢᠨ ᠨᠢᠭᠡᠴᠢ ᠪᠠᠷ ᠨᠡᠶᠢᠳᠡᠯᠡᠪᠡ᠃ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠪᠠᠭᠤᠷᠢ ᠪᠠᠶᠢᠵᠤ᠂ ᠳᠤᠮᠳᠠᠳᠤ ᠤᠯᠤᠰ ᠤᠨ ᠤᠮᠠᠷᠠᠲᠤ ᠣᠷᠣᠨ ᠠᠴᠠ ᠣᠳᠣ ᠪᠣᠯᠲᠠᠯ᠎ᠠ ᠢᠯᠡᠷᠡᠭᠦᠯᠦᠭᠰᠡᠨ ᠬᠠᠮᠤᠭ ᠡᠷᠲᠡᠨ ᠤ ᠴᠢᠯᠠᠭᠤ ᠪᠠᠷ ᠬᠦᠷᠢᠶᠡᠯᠡᠭᠰᠡᠨ ᠪᠠᠭᠤᠷᠢ ᠪᠣᠯᠣᠨ᠎ᠠ᠃
ᠢᠷᠡᠯᠲᠡ᠄ ᠲᠤ᠋