ᠵᠡᠭᠦᠨᠭᠠᠷ ᠬᠤᠰᠢᠭᠤᠨ ᠤ ᠱᠢ ᠡᠯ ᠯᠢᠶᠠᠨ ᠴᠧᠩ ᠰᠢᠶᠠᠩ ᠤᠨ ᠴᠠᠶᠢᠳᠠᠮ ᠲᠣᠰᠬᠤᠨ ᠳᠤ ᠪᠠᠶᠢᠷᠢᠯᠠᠵᠤ ᠪᠠᠶᠢᠳᠠᠭ᠃ ᠱᠢ ᠡᠯ ᠯᠢᠶᠠᠨ ᠴᠧᠩ ᠪᠣᠯ ᠠᠷᠪᠠᠨ | ᠬᠤᠶᠠᠷ ᠡᠷᠲᠡᠨ ᠤ ᠬᠤᠲᠠ ᠪᠠᠷ ᠬᠤᠯᠪᠣᠯᠳᠤᠵᠤ ᠪᠦᠲᠦᠭᠰᠡᠨ ᠶᠤᠮ᠂ ᠬᠠᠭᠤᠴᠢ ᠰᠤᠳᠤᠯᠤᠯ ᠨᠢ ᠡᠨᠡ ᠬᠦ ᠡᠷᠲᠡᠨ ᠤ ᠬᠤᠲᠠ ᠶᠢᠨ ᠪᠠᠭᠤᠷᠢ ᠳᠡᠭᠡᠷ᠎ᠡ ᠠᠴᠠ ᠴᠥᠭᠡᠨ | ᠪᠤᠰᠤ ᠬᠤᠪᠣᠷ ᠨᠠᠨᠳᠢᠨ ᠲᠡᠦᠬᠡ ᠰᠣᠶᠣᠯ ᠤᠨ ᠳᠤᠷᠠᠰᠬᠠᠯᠲᠤ ᠵᠦᠢᠯ ᠢ ᠮᠠᠯᠲᠠᠵᠤ ᠭᠠᠷᠭᠠᠭᠰᠠᠨ ᠪᠠᠶᠢᠨ᠎ᠠ᠃ ᠳᠡᠳᠡᠭᠡᠷ ᠨᠢ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ | ᠮᠢᠩ ᠤᠯᠤᠰ᠂ ᠴᠢᠩ ᠤᠯᠤᠰ ᠤᠨ ᠦᠶ᠎ᠡ ᠬᠦᠷᠲᠡᠯᠡᠬᠢ ᠵᠤᠶᠢᠯ ᠤᠳ ᠪᠠᠶᠢᠵᠤ᠂ ᠲᠡᠭᠦᠨ ᠤ ᠳᠤᠳᠤᠷᠠᠬᠢ ᠲᠠᠩ ᠤᠯᠤᠰ ᠤᠨ ᠰᠡᠭᠦᠯᠴᠢ ᠶᠢᠨ ᠦᠶ᠎ᠡ ᠶᠢᠨ ᠨᠣᠭᠤᠭᠠᠨ | ᠸᠠᠭᠠᠷ ᠤᠨ ᠨᠣᠬᠠᠢ ᠪᠠ ᠴᠠᠭᠠᠨ ᠸᠠᠭᠠᠷ ᠤᠨ ᠢᠮᠠᠭ᠎ᠠ ᠶᠢ ᠮᠡᠷᠭᠡᠵᠢᠯᠲᠡᠳ ᠠᠴᠠ ︽ᠳᠡᠯᠡᠬᠡᠢ ᠳᠤ ᠬᠤᠪᠣᠷ ᠤᠷᠠᠯᠢᠭ ᠤᠨ ᠬᠤᠪᠣᠷ ᠨᠠᠨᠳᠢᠨ ᠡᠳ᠋︾ ᠭᠡᠵᠦ ᠨᠡᠷᠡᠯᠡᠭᠰᠡᠨ | ᠪᠠᠶᠢᠳᠠᠭ᠃ ᠣᠳᠣ ᠳᠤᠮᠳᠠᠳᠤ ᠤᠯᠤᠰ ᠤᠨ ᠲᠡᠦᠬᠡ ᠶᠢᠨ ᠮᠦᠽᠧᠢ ᠳᠤ ᠳᠡᠯᠭᠡᠨ ᠦᠵᠡᠭᠦᠯᠵᠦ ᠪᠤᠢ᠃ ᠠᠷᠠᠳ ᠤᠨ ᠤᠯᠠᠮᠵᠢᠯᠠᠯ ᠶᠠᠷᠢᠶᠠᠨ ᠳᠤ᠂ ᠲᠤᠰ ᠬᠤᠲᠠ ᠶᠢ | ᠤᠮᠠᠷᠠᠲᠤ ᠰᠦᠩ ᠤᠯᠤᠰ ᠤᠨ ᠦᠶ᠎ᠡ ᠶᠢᠨ ᠶᠠᠩ ᠣᠪᠣᠭᠲᠤ ᠶᠢᠨ ᠵᠠᠩᠵᠤᠨ ᠱᠧ ᠲᠠᠢ ᠵᠢᠶᠦ᠋ᠨ ᠠᠷᠪᠠᠨ ᠬᠤᠶᠠᠷ ᠪᠡᠯᠪᠡᠰᠦᠨ ᠡᠬᠡᠨᠡᠷ ᠢ ᠳᠠᠭᠠᠭᠤᠯᠤᠨ ᠪᠠᠷᠠᠭᠤᠨᠰᠢ | ᠳᠠᠶᠢᠯᠠᠬᠤ ᠳᠤᠮᠳᠠ ᠪᠠᠶᠢᠭᠤᠯᠤᠬᠰᠠᠨ ᠭᠡᠳᠡᠭ᠂ ᠭᠡᠳᠡᠯ᠎ᠠ ︽ᠶᠤᠸᠠᠨ ᠾᠧ ᠵᠢᠶᠦ᠋ᠨ ᠰᠢᠶᠠᠨ︾ ᠤ ᠲᠡᠮᠳᠡᠭᠯᠡᠯ ᠢ ᠦᠨᠳᠦᠰᠦᠯᠡᠪᠡᠯ᠂ ᠱᠢ ᠡᠯ ᠯᠢᠶᠠᠨ ᠴᠧᠩ ᠨᠢ ᠤᠤᠯ | ᠤᠨ ᠰᠦᠢ ᠤᠯᠤᠰ ᠲᠠᠩ ᠤᠯᠤᠰ ᠤᠨ ᠱᠧᠩ ᠵᠸᠤ ᠶᠢᠨ ᠳᠡᠮᠡᠭᠡᠳᠤ ᠬᠤᠲᠠ ᠶᠢ ᠵᠢᠭᠠᠵᠤ ᠪᠤᠢ᠂ ᠰᠦᠢ ᠤᠯᠤᠰ ᠤᠨ ᠸᠧᠨ ᠳ᠋ᠢ ᠬᠠᠭᠠᠨ ᠤ ᠺᠠᠢ ᠬᠤᠸᠠᠩ ᠤᠨ | ᠭᠤᠷᠪᠠᠳᠤᠭᠠᠷ ᠣᠨ ᠳᠤ ᠡᠬᠢᠯᠡᠨ ᠪᠠᠶᠢᠭᠤᠯᠵᠠᠢ᠂ ᠳᠠᠷᠤᠢ ᠣᠨ ᠲᠣᠭᠠᠯᠠᠯ ᠤᠨ 583 ᠣᠨ ᠳᠤ ᠪᠠᠶᠢᠭᠤᠯᠵᠠᠢ᠂ ᠬᠠᠭᠤᠴᠢᠨ ᠨᠡᠷᠡᠶᠢᠳᠤᠯ ᠪᠤᠯᠤᠨ᠎ᠠ᠃ ᠣᠲᠣ | ᠪᠠᠶᠢᠭ᠎ᠠ ᠬᠤᠲᠠ ᠶᠢᠨ ᠬᠡᠷᠡᠮ ᠳᠡᠭᠡᠷ᠎ᠡ 18 ︱ 20 ᠰᠠᠨᠲ᠋ᠢᠮᠧᠲᠷ ᠤᠨ ᠵᠤᠵᠠᠭᠠᠨ ᠬᠠᠩᠳᠠᠭᠰᠠᠨ ᠳᠠᠪᠬᠤᠷᠭ᠎ᠠ ᠶᠢ ᠲᠣᠪ ᠲᠣᠳᠣᠷᠬᠠᠢ ᠣᠯᠵᠤ ᠬᠠᠷᠠᠬᠤ ᠶᠢᠨ ᠬᠠᠮᠲᠤ | ᠬᠠᠩᠳᠠᠭᠰᠠᠨ ᠳᠠᠪᠬᠤᠷᠭ᠎ᠠ ᠶᠢᠨ ᠳᠣᠲᠣᠷ᠎ᠠ ᠠᠴᠠ ᠪᠠᠰᠠ ᠳ᠋ᠢᠶᠠᠮᠧᠲᠷ ᠨᠢ 10 ᠰᠠᠨᠲ᠋ᠢᠮᠧᠲᠷ ᠣᠷᠴᠢᠮ ᠤᠨ ᠬᠠᠩᠳᠠᠭᠰᠠᠨ ᠪᠤᠶᠤ ᠪᠣᠭᠤᠵᠤ ᠬᠠᠩᠳᠠᠭᠰᠠᠨ ᠤᠷᠤᠮ | ᠪᠠᠶᠢᠬᠤ ᠶᠢ ᠣᠯᠵᠤ ᠬᠠᠷᠠᠳᠠᠭ ᠪᠠᠶᠢᠨ᠎ᠠ᠃ ᠲᠤᠬᠠᠢ ᠶᠢᠨ ᠦᠶ᠎ᠡ ᠳᠤ ᠲᠤᠰ ᠬᠤᠲᠠ ᠨᠢ ᠪᠠᠶᠢᠯᠳᠤᠬᠤ ᠪᠣᠳᠣᠯᠭ᠎ᠠ ᠶᠢᠨ ᠴᠢᠬᠤᠯᠠ ᠭᠠᠵᠠᠷ ᠲᠤ ᠣᠷᠣᠰᠢᠵᠤ ᠪᠠᠶᠢᠭᠰᠠᠨ | ᠪᠣᠯᠬᠤᠷ᠂ ᠤᠮᠠᠷᠠᠰᠢ ᠬᠠᠲᠤᠨ ᠭᠤᠣᠯ ᠤᠨ ᠪᠠᠷᠲᠠᠭᠠᠨ ᠳᠤ ᠲᠦᠰᠢᠭᠯᠡᠨ᠂ ᠡᠮᠦᠨᠡᠰᠢ ᠳᠤᠮᠳᠠᠳᠤ ᠣᠷᠣᠨ ᠤ ᠡᠬᠡ ᠭᠠᠵᠠᠷ ᠲᠠᠢ ᠵᠠᠯᠭᠠᠯᠳᠤᠵᠤ ᠪᠠᠶᠢᠪᠠ᠃ 2006 | ᠣᠨ ᠤ 5 ᠰᠠᠷ᠎ᠠ ᠳᠤ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠱᠢ ᠡᠯ ᠯᠢᠶᠠᠨ ᠴᠧᠩ ᠤᠨ ᠪᠠᠭᠤᠷᠢ ᠶᠢ ᠵᠢᠷᠭᠤᠳᠤᠭᠠᠷ ᠪᠦᠯᠦᠭ ᠪᠦᠬᠦ ᠤᠯᠤᠰ ᠤᠨ | ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠳᠠ ᠶᠢᠨ ᠨᠢᠭᠡᠴᠢ ᠪᠠᠷ ᠨᠡᠶᠢᠳᠡᠯᠡᠪᠡ᠃ | |