ᠤᠳᠬ᠎ᠠ ᠤᠷᠠᠯᠢᠭ ᠤᠨ ᠰᠢᠭᠦᠮᠵᠢᠯᠡᠭᠴᠢ ᠴᠠᠩ ᠰᠢᠶᠠᠩ ᠯᠢᠨ᠄ ᠮᠠᠩᠬᠠᠨ ᠠᠶᠠᠯᠭᠤ ᠪᠣᠯ ᠥᠪᠥᠷ ᠮᠣᠩᠭᠤᠯ ᠤᠨ ᠦᠨᠡᠲᠦ ᠡᠷᠳᠡᠨᠢ ᠮᠥᠨ
ᠨᠡᠶᠢᠲᠡᠯᠡᠭᠰᠡᠨ ᠴᠠᠭ᠄
2023/4/28
     ᠤᠷᠢᠬᠠᠨ ᠬᠠᠪᠤᠷ ᠤᠨ ᠳᠥᠷᠪᠡᠨ ᠰᠠᠷ᠎ᠠ ᠭᠡᠵᠤ ᠥᠩᠭᠡ ᠶᠢᠨ ᠴᠡᠴᠡᠭ ᠮᠢᠷᠠᠯᠵᠠᠨ ᠳᠡᠯᠭᠡᠷᠡᠭᠰᠡᠨ ᠰᠠᠶᠢᠬᠠᠨ ᠴᠠᠭ ᠪᠠᠶᠢᠯ᠎ᠠ᠃ 4 ᠰᠠᠷ᠎ᠠ ᠶᠢᠨ 20  ᠤ ᠡᠳᠤᠷ ᠤᠨ ᠦᠳᠡ ᠶᠢᠨ ᠬᠤᠶᠢᠨ᠎ᠠ᠂ 2023 ᠪᠦᠬᠦ ᠤᠯᠤᠰ ᠤᠨ ᠠᠷᠠᠳ ᠤᠨ ᠤᠷᠠᠨ ᠰᠠᠶᠢᠬᠠᠨ ᠤ ᠦᠵᠡᠭᠦᠯᠭᠡ ᠶᠢᠨ ᠲᠣᠭᠯᠠᠯᠲᠠ︵ᠯᠢ ᠶᠠᠩ ᠤᠨ ᠲᠤᠰᠬᠠᠢ ᠲᠠᠯᠠᠪᠠᠢ︶ ᠶᠢᠨ ᠡᠬᠢᠯᠡᠯᠲᠡ ᠶᠢᠨ ᠶᠣᠰᠣᠯᠠᠯ ᠵᠢᠶᠠᠩᠰᠤ ᠮᠤᠵᠢ ᠶᠢᠨ ᠯᠢ ᠶᠠᠩ ᠬᠤᠳᠠ ᠶᠢᠨ ᠰᠣᠶᠣᠯ ᠤᠷᠠᠯᠢᠭ ᠤᠨ ᠲᠥᠪ ᠲᠤ ᠶᠠᠪᠤᠭᠳᠠᠪᠠ᠃    ᠵᠡᠭᠦᠨᠭᠠᠷ ᠬᠤᠰᠢᠭᠤᠨ ᠤ ᠮᠠᠩᠬᠠᠨ ᠠᠶᠠᠯᠭᠤ ᠶᠢᠨ ᠳᠠᠭᠤᠴᠢᠨ ᠵᠢᠶᠠ ᠸᠧᠨ ᠴᠢᠶᠠᠩ᠂ ᠸᠠᠩ ᠬᠤᠶ ᠫᠢᠩ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ  ᠢ ᠳᠦᠯᠦᠭᠡᠯᠡᠨ ᠲᠣᠰ ᠤᠳᠠᠭᠠᠨ ᠤ ᠦᠵᠡᠭᠦᠯᠭᠡ ᠳᠤ ᠣᠷᠣᠯᠴᠠᠵᠤ᠂ ᠲᠡᠳᠡᠨ ᠤ ᠲᠣᠭᠯᠠᠭᠰᠠᠨ  ︽  ᠬᠠᠳᠤᠨ ᠭᠤᠣᠯ ᠤᠨ ᠬᠥᠪᠡᠭᠡᠨ ᠳᠤ ᠤᠳᠠ ᠮᠣᠳᠣ ᠵᠠᠶᠢᠯᠠᠭᠰᠠᠨ ᠨᠢ︾  ᠭᠡᠬᠦ ᠪᠦᠲᠦᠭᠡᠯ ᠨᠢ ᠲᠤᠰᠬᠠᠢ ᠮᠡᠷᠭᠡᠵᠢᠯᠲᠡᠨ ᠤ ᠰᠢᠯᠭᠠᠷᠠᠭᠤᠯᠬᠤ ᠺᠣᠮᠢᠰ ᠤᠨ ᠬᠢᠨ ᠤ ᠰᠠᠶᠢᠨ ᠦᠨᠡᠯᠡᠯᠲᠡ ᠶᠢ  ᠤᠯᠤᠬᠰᠠᠨ ᠪᠠᠶᠢᠨ᠎ᠠ᠃ ᠳᠤᠮᠳᠠᠳᠤ ᠤᠯᠤᠰ ᠤᠨ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠤᠳᠬ᠎ᠠ ᠤᠷᠠᠯᠢᠭ ᠤᠨ ᠰᠢᠭᠦᠮᠵᠢᠯᠡᠭᠴᠢ ᠴᠠᠩ ᠰᠢᠶᠠᠩ ᠯᠢᠨ ᠪᠠᠭᠰᠢ᠄ ︽ᠮᠠᠩᠬᠠᠨ ᠠᠶᠠᠯᠭᠤ ᠪᠣᠯ ᠥᠪᠥᠷ ᠮᠣᠩᠭᠤᠯ ᠤᠨ ᠦᠨᠡᠲᠦ ᠡᠷᠳᠡᠨᠢ᠂ ᠨᠡᠩ ᠴᠤ ᠳᠤᠮᠳᠠᠳᠤ ᠤᠯᠤᠰ ᠤᠨ ᠠᠷᠠᠳ ᠤᠨ ᠤᠳᠬ᠎ᠠ ᠤᠷᠠᠯᠢᠭ ᠤᠨ  ᠨᠢᠭᠡᠨ ᠭᠠᠶᠢᠬᠠᠮᠰᠢᠭᠲᠤ ᠴᠡᠴᠡᠭ ᠪᠣᠯᠣᠨ᠎ᠠ᠂ ᠬᠤᠶᠠᠷ ᠳᠠᠭᠤᠴᠢᠨ ᠮᠠᠩᠬᠠᠨ ᠠᠶᠠᠯᠭᠤ ᠶᠢᠨ ᠬᠠᠩᠭᠢᠨᠠᠮ᠎ᠠ ᠴᠠᠩᠬᠢᠨᠠᠮ᠎ᠠ ᠢᠷᠠᠭᠤ ᠠᠶᠠᠰ ᠢ  ᠭᠦᠢᠴᠡᠳ ᠪᠠᠳᠠᠷᠠᠭᠤᠯᠤᠨ᠂ ᠵᠢᠶᠠᠩᠰᠤ ᠶᠢᠨ ᠠᠷᠠᠳ ᠲᠦᠮᠡᠨ ᠳᠤ ᠠᠳᠠᠯᠢ ᠪᠤᠰᠤ ᠠᠷᠠᠳ ᠤᠨ ᠳᠠᠭᠤᠤ ᠶᠢ ᠮᠡᠳᠡᠷᠡᠭᠦᠯᠵᠦ᠂ ᠮᠠᠩᠬᠠᠨ ᠠᠶᠠᠯᠭᠤ ᠶᠢ ᠮᠠᠭᠲᠠᠭᠤᠰᠢᠳᠠᠢ ᠪᠠᠶᠢᠨ᠎ᠠ︾ ᠭᠡᠪᠡ᠃
漫瀚1.jpg      ᠲᠤᠰ ᠬᠤᠭᠤᠴᠠᠭᠠᠨ ᠤ ᠠᠵᠢᠯᠯᠠᠭ᠎ᠠ ᠳᠤ ᠪᠦᠬᠦ ᠤᠯᠤᠰ ᠤᠨ 368 ᠪᠦᠲᠦᠭᠡᠯ ᠤᠨ ᠳᠣᠲᠣᠷ᠎ᠠ ᠠᠴᠠ 38 ᠰᠢᠯᠢᠳᠡᠭ ᠪᠦᠲᠦᠭᠡᠯ ᠢ ᠰᠣᠩᠭᠤᠨ
ᠦᠵᠡᠭᠦᠯᠭᠡ ᠶᠢᠨ ᠲᠣᠭᠯᠠᠯᠲᠠ ᠳᠤ ᠣᠷᠣᠯᠴᠠᠭᠤᠯᠵᠤ᠂ ᠡᠭᠦᠨ ᠳᠤ ᠰᠢ ᠵᠦᠴᠦᠭᠡ᠂ ᠶᠦᠨᠨᠠᠨ ᠵᠦᠴᠦᠭᠡ᠂ ᠲᠦᠩ ᠵᠦᠴᠦᠭᠡ᠂ ᠳ᠋ᠦᠩ ᠾᠧ  ᠵᠦᠴᠤᠭᠡ᠂ ᠡᠯ ᠷᠧᠨ  ᠲᠠᠢ  ᠵᠦᠴᠦᠭᠡ᠂ ᠯᠢᠦ ᠴᠢᠨ ᠵᠦᠴᠦᠭᠡ᠂  ᠯᠠ ᠴᠠᠩ ᠵᠦᠴᠦᠭᠡ᠂ ᠰᠢᠶᠣᠣ ᠬᠤᠸᠠᠢ ᠵᠦᠴᠦᠭᠡ᠂ ᠯᠢᠦ ᠶᠠᠩ ᠤᠨ ᠰᠡᠭᠦᠳᠡᠷ ᠰᠢ᠂ ᠰᠧᠴᠤᠸᠠᠨ ᠤ ᠬᠤᠯᠤᠰᠤᠨ ᠶᠠᠲᠤᠭ᠎ᠠ᠂ ᠪᠢᠰᠬᠢᠭᠦᠷ ᠤᠨ ᠲᠣᠭᠯᠠᠯᠲᠠ᠂ ᠬᠡᠩᠭᠡᠷᠭᠡ ᠶᠢᠨ ᠬᠥᠭᠵᠢᠮ ᠤᠨ ᠲᠣᠭᠯᠠᠯᠲᠠ᠂ ᠴᠠᠷᠭᠢᠯ ᠬᠤᠯᠪᠣᠭ᠎ᠠ᠂ ᠦ᠋ ᠢ ᠶᠢᠨ ᠠᠷᠪᠠᠨ ᠨᠠᠢᠮᠠᠨ ᠲᠠᠭᠤᠨ᠂  ᠨᠠᠨ ᠶᠢᠩ ᠤᠨ ᠦᠬᠦᠯᠡᠨ ᠳᠠᠭᠤᠯᠠᠬᠤ᠂  ᠡᠯᠬᠦᠭᠡ ᠶᠠᠪᠠᠭᠠᠨ ᠥᠯᠢᠭᠡᠷ᠂ ᠳ᠋ᠦᠩ ᠦᠨᠳᠦᠰᠦᠲᠡᠨ ᠤ ᠫᠢᠫᠠ ᠶᠢᠨ ᠳᠠᠭᠤᠤ᠂ ᠮᠠᠩᠬᠠᠨ ᠠᠶᠠᠯᠭᠤ ᠶᠢᠨ ᠠᠷᠠᠳ ᠤᠨ ᠳᠠᠭᠤᠤ᠂ ᠦ᠋ ᠤᠯᠤᠰ ᠤᠨ ᠳᠠᠭᠤᠯᠠᠯ ᠤᠨ ᠥᠭᠦᠯᠡᠨ ᠳᠠᠭᠤᠯᠠᠬᠤ᠂ ᠡᠯ ᠷᠧᠨ ᠲᠠᠢ ᠳᠠᠭᠤᠤ ᠪᠥᠵᠢᠭ᠂ ᠠᠷᠠᠳ ᠤᠨ ᠪᠥᠵᠢᠭ᠂ ᠱᠤᠭ ᠵᠦᠴᠦᠭᠡ᠂ ᠳᠠᠭᠤᠤ ᠬᠥᠭᠵᠢᠮ ᠤᠨ ᠦᠵᠡᠭᠳᠡᠯᠲᠦ ᠵᠦᠴᠦᠭᠡ ᠵᠡᠷᠭᠡ ᠣᠯᠠᠨ ᠵᠦᠢᠯ ᠤᠨ ᠲᠣᠭᠯᠠᠯᠲᠠ ᠶᠢᠨ ᠬᠡᠯᠪᠡᠷᠢ ᠶᠢ ᠪᠠᠭᠲᠠᠭᠠᠵᠤ᠂ ᠡᠯ᠎ᠡ ᠭᠠᠵᠠᠷ ᠤᠨ ᠢᠯᠡ ᠲᠣᠳᠣ ᠣᠨᠴᠠᠯᠢᠭ  ᠲᠠᠢ ᠲᠥᠯᠥᠭᠡᠯᠡᠬᠦ ᠴᠢᠨᠠᠷᠲᠠᠢ  ᠳᠤᠬᠯᠠᠯᠳᠠ ᠴᠤᠭᠯᠠᠷᠠᠬᠰᠠᠨ ᠪᠠᠶᠢᠨ᠎ᠠ᠃
漫瀚2.jpg
ᠢᠷᠡᠯᠲᠡ᠄ ᠣᠷᠳᠣᠰ ᠤᠨ ᠤᠳᠬ᠎ᠠ ᠤᠷᠠᠯᠢᠭ