ᠵᠡᠭᠦᠨᠭᠠᠷ ᠬᠤᠰᠢᠭᠤᠨ ᠤ ᠸᠠᠩ ᠤᠨ ᠣᠷᠳᠣᠨ
ᠨᠡᠶᠢᠲᠡᠯᠡᠭᠰᠡᠨ ᠴᠠᠭ᠄
2023/4/23
      ᠵᠡᠭᠦᠨᠭᠠᠷ ᠬᠤᠰᠢᠭᠤᠨ ᠤ ᠸᠠᠩ ᠤᠨ ᠣᠷᠳᠣᠨ ᠢ ᠪᠠᠰᠠ ᠪᠠᠶᠢᠯᠠ ᠶᠢᠨ ᠣᠷᠳᠣᠨ ᠭᠡᠳᠡᠭ᠂ ᠵᠡᠭᠦᠨᠭᠠᠷ ᠬᠤᠰᠢᠭᠤᠨ ᠤ ᠪᠤᠷᠤᠳᠤᠬᠤᠢ ᠰᠤᠮᠤ ᠶᠢᠨ ᠬᠢᠵᠠᠭᠠᠷ ᠲᠤ ᠪᠠᠶᠢᠷᠢᠯᠠᠵᠤ᠂ ᠣᠷᠳᠣᠰ ᠬᠤᠳᠠ ᠶᠢᠨ ᠣᠷᠴᠢᠨ ᠦᠶ᠎ᠡ ᠶᠢᠨ ᠲᠡᠦᠬᠡᠨ ᠳᠡᠭᠡᠷᠡᠬᠢ ᠬᠡᠪᠴᠢᠶ᠎ᠡ ᠪᠠᠷ ᠨᠡᠯᠢᠶᠡᠳ ᠶᠡᠭᠡ᠂ ᠪᠠᠷᠢᠯᠭ᠎ᠠ ᠶᠢᠨ ᠲᠠᠯ᠎ᠠ ᠪᠠᠷ ᠨᠠᠷᠢᠨ ᠨᠢᠭᠲᠠ ᠠᠶᠢᠮᠠᠭ ᠬᠤᠰᠢᠭᠤᠨ ᠤ ᠸᠠᠩ ᠤᠨ ᠣᠷᠳᠣᠨ ᠤ ᠨᠢᠭᠡ‌‍ᠪᠠᠶᠢᠵᠤ᠂ ᠬᠠᠭᠤᠴᠢᠨ ᠨᠡᠷᠡᠶᠢᠳᠤᠯ ᠪᠤᠯᠤᠨ᠎ᠠ᠃ ᠸᠠᠩ ᠤᠨ ᠣᠷᠳᠣᠨ ᠢ ᠴᠢᠩ ᠤᠯᠤᠰ ᠤᠨ ᠪᠦᠷᠢᠨᠲᠦ ᠵᠠᠰᠠᠭᠴᠢ ᠶᠢᠨ ᠵᠢᠷᠭᠤᠳᠤᠭᠠᠷ ᠣᠨ ︵1867 ᠣᠨ︶ ᠳᠤ ᠡᠬᠢᠯᠡᠨ ᠪᠠᠶᠢᠭᠤᠯᠵᠤ᠂ ᠵᠡᠭᠦᠨᠭᠠᠷ ᠬᠤᠰᠢᠭᠤᠨ ᠤ ᠶᠢᠰᠦᠳᠦᠭᠡᠷ ᠦᠶ᠎ᠡ ᠶᠢᠨ ᠵᠠᠰᠠᠭ ᠲᠦᠷᠦ ᠶᠢᠨ ᠪᠠᠶᠢᠯᠠ ᠪᠣᠷᠵᠢᠭᠢᠨ ᠵᠠᠨᠠᠭᠠᠷᠤᠳᠢ ᠡᠷᠬᠢᠯᠡᠨ ᠪᠠᠶᠢᠭᠤᠯᠵᠠᠢ ︵ᠵᠠᠨᠠᠭᠠᠷᠤᠳᠢ 1852 ᠣᠨ ᠳᠤ ᠵᠡᠭᠦᠨᠭᠠᠷ ᠬᠤᠰᠢᠭᠤᠨ ᠤ ᠵᠠᠰᠠᠭ  ᠢ ᠵᠠᠯᠭᠠᠮᠵᠢᠯᠠᠵᠤ᠂ 1854 ᠣᠨ ᠳᠤ ᠪᠠᠶᠢᠯᠠ ᠪᠠᠷ ᠡᠷᠬᠦᠮᠵᠢᠯᠡᠭᠳᠡᠵᠡᠢ᠂ ᠰᠡᠭᠦᠯᠡᠷ ᠨᠢ ᠶᠡᠭᠡ ᠵᠣᠣ ᠠᠶᠢᠮᠠᠭ ᠤᠨ ᠳᠠᠷᠤᠭ᠎ᠠ ᠶᠢᠨ ᠲᠤᠰᠢᠶᠠᠯ ᠢ ᠬᠠᠪᠰᠤᠷᠭᠠᠨ ᠬᠠᠷᠢᠭᠤᠴᠠᠪᠠ︶᠃ ᠸᠠᠩ ᠤᠨ ᠣᠷᠳᠣᠨ ᠨᠢ ᠡᠮᠦᠨ᠎ᠡ ᠬᠤᠶᠢᠨ᠎ᠠ ᠭᠤᠷᠪᠠᠨ ᠳᠠᠪᠬᠤᠷ ᠬᠦᠷᠢᠶ᠎ᠡ ᠬᠠᠰᠢᠶ᠎ᠠ ᠲᠠᠢ᠂ ᠪᠠᠷᠢᠯᠭ᠎ᠠ ᠶᠢᠨ ᠪᠠᠶᠢᠷᠢᠰᠢᠯ ᠢ ᠳᠤᠮᠳᠠ ᠲᠡᠩᠭᠡᠯᠢᠭ ᠮᠠᠶ᠋ᠢᠭ ᠤᠨ ᠤᠯᠠᠮᠵᠢᠯᠠᠯᠲᠤ ᠪᠠᠶᠢᠷᠢᠰᠢᠭᠤᠯᠬᠤ ᠠᠷᠭ᠎ᠠ ᠶᠢ ᠬᠡᠷᠡᠭᠯᠡᠨ᠂ ᠬᠤᠶᠠᠷ ᠲᠠᠰᠤᠯᠭ᠎ᠠ ᠶᠢ ᠴᠢᠩᠭ᠎ᠠ ᠲᠡᠭᠰᠢ ᠬᠡᠮ ᠲᠠᠢ ᠪᠠᠷ ᠬᠠᠷᠰᠢ ᠶᠢᠨ ᠪᠠᠶᠢᠰᠢᠩ ᠪᠠᠷᠢᠵᠤ᠂ ᠪᠠᠷᠢᠯᠭ᠎ᠠ ᠶᠢ ᠬᠤᠶᠢᠲᠤ ᠲᠠᠯ᠎ᠠ  ᠳᠤ ᠡᠮᠦᠨ᠎ᠡ ᠵᠦᠭ ᠲᠤ ᠬᠠᠨᠳᠤᠭᠤᠯᠤᠨ᠂ ᠬᠦᠷᠢᠶᠡᠨ ᠤ ᠳᠤᠮᠳᠠ ᠭᠤᠤᠯ ᠵᠠᠮ ᠭᠠᠷᠭᠠᠵᠤ᠂ ᠡᠭᠦᠳᠡᠨ  ᠠᠴᠠ ᠡᠬᠢᠯᠡᠨ ᠠᠰ ᠱᠤᠭᠤᠮ ᠢᠶᠠᠷ ᠠᠷᠤ ᠭᠤᠣᠯ ᠬᠠᠷᠰᠢ ᠳᠤ ᠨᠡᠪᠲᠡᠷᠡᠳᠡᠭ᠃ ᠸᠠᠩ ᠤᠨ ᠣᠷᠳᠣᠨ ᠤ ᠣᠷᠴᠢᠨ ᠲᠣᠭᠤᠷᠢᠨ  ᠠᠮᠢ ᠠᠬᠤᠢ  ᠨᠢ ᠮᠠᠰᠢ ᠰᠠᠶᠢᠨ᠂ ᠭᠠᠵᠠᠷ ᠤᠨ ᠲᠥᠷᠬᠦ ᠨᠢ ᠬᠠᠷᠢᠴᠠᠩᠭᠤᠢ ᠲᠡᠭᠰᠢᠬᠡᠨ᠂ ᠬᠠᠷᠠᠭ᠎ᠠ ᠥᠷᠭᠡᠨ᠂ ᠥᠩᠭᠡ ᠦᠵᠡᠮᠵᠢ ᠰᠠᠶᠢᠬᠠᠨ ᠪᠠᠶᠢᠵᠤ᠂ ᠡᠷᠬᠢᠨ ᠳᠤᠭᠤᠷᠢᠨ ᠳᠤᠨᠢ ᠨᠠᠭᠤᠷ ᠴᠥᠭᠦᠷᠥᠮ᠂ ᠡᠯᠡᠰᠦᠷᠬᠡᠭ ᠭᠠᠵᠠᠷ᠂ ᠡᠪᠡᠰᠤ ᠲᠠᠢ ᠳᠠᠯ᠎ᠠ᠂ ᠮᠤᠳᠤ ᠲᠠᠢ ᠭᠠᠵᠠᠷ ᠪᠠᠶᠢᠳᠠᠭ᠃1996 ᠣᠨ ᠤ 5 ᠰᠠᠷ᠎ᠠ ᠳᠤ ᠥᠪᠡᠷᠲᠡᠭᠡᠨ ᠵᠠᠰᠠᠬᠤ ᠣᠷᠣᠨ ᠤ ᠲᠡᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠤᠶᠢᠯᠡᠰ ᠤᠨ ᠬᠠᠮᠠᠭᠠᠯᠠᠯᠳᠠ ᠶᠢᠨ ᠨᠢᠭᠡᠴᠢ ᠪᠠᠷ ᠵᠢᠬᠰᠠᠭᠠᠬᠳᠠᠪᠠ᠃
11.jpg22.jpg33.jpg
ᠢᠷᠡᠯᠲᠡ᠄ ᠲᠤᠰ ᠰᠦᠯᠵᠢᠶ᠎ᠡ