ᠰᠢᠳᠦ ᠭᠤᠶᠤᠯᠠᠬᠤ ᠪᠠᠭᠠᠵᠢ ᠶᠢ ᠰᠦᠯᠵᠢᠶᠡᠨ ᠠᠴᠠ ᠬᠤᠳᠠᠯᠳᠤᠨ ᠠᠪᠬᠤ ᠨᠢ ᠨᠠᠶᠢᠳᠠᠪᠦᠷᠢᠳᠠᠢ ᠤᠤ︖
  
2023/4/18
     ᠰᠢᠳᠦᠨ ᠤ ᠪᠠᠨ ᠡᠷᠡᠭᠦᠯ ᠰᠠᠶᠢᠬᠠᠨ ᠪᠠ ᠲᠡᠭᠰᠢ ᠭᠤᠶᠤ ᠪᠠᠶᠢᠬᠤ ᠶᠢ ᠬᠦᠮᠦᠰ ᠤᠯᠠᠮ ᠠᠩᠬᠠᠷᠬᠤ ᠪᠤᠯᠤᠬᠰᠠᠨ ᠢᠶᠠᠷ᠂ ᠰᠢᠳᠤ ᠵᠠᠰᠠᠵᠦ ᠭᠤᠶᠤᠯᠠᠬᠤ ᠪᠠᠭᠠᠵᠢ ᠭᠡᠷᠡᠭᠰᠡᠯ ᠨᠢ ᠤᠳᠤ ᠶᠢᠨ ᠰᠢᠨ᠎ᠡ ᠤᠷᠤᠰᠬᠠᠯ ᠪᠤᠯᠵᠦ᠂ ᠵᠠᠷᠢᠮ ᠰᠦᠯᠵᠢᠶᠡᠨ ᠲᠡᠭᠡᠷ᠎ᠡ ᠴᠤ ᠰᠢᠳᠤ ᠭᠤᠶᠤᠯᠠᠬᠤ ᠪᠠᠭᠠᠵᠢ ᠪᠠ ᠬᠠᠮᠢᠶᠠᠳᠠᠢ ᠦᠢᠯᠡᠴᠢᠯᠡᠭᠡ ᠬᠠᠩᠭᠠᠵᠦ ᠡᠬᠢᠯᠡᠭᠰᠡᠨ ᠪᠠᠶᠢᠨ᠎ᠠ᠃ ᠲᠡᠭᠡᠪᠡᠯ ᠰᠦᠯᠵᠢᠶᠡᠨ ᠲᠡᠭᠡᠷ᠎ᠡ ᠠᠴᠠ ᠰᠢᠳᠦ ᠵᠠᠰᠠᠵᠦ ᠭᠤᠶᠤᠯᠠᠬᠤ ᠪᠠᠭᠠᠵᠢ ᠬᠡᠷᠡᠭᠰᠡᠯ ᠬᠤᠳᠠᠯᠳᠤᠨ ᠠᠪᠬᠤ ᠨᠢ ᠨᠡᠭᠡᠷᠡᠨ ᠨᠠᠶᠢᠳᠠᠪᠦᠷᠢᠳᠡᠢ ᠤᠤ︖ ᠡᠨᠡ ᠨᠢ ᠴᠤᠬᠤᠮ ᠠᠶᠤᠯ ᠡᠷᠡᠰᠳᠡᠯ ᠪᠠᠶᠢᠨ᠎ᠠ ᠤᠤ᠂ ᠦᠭᠡᠢ ᠤᠤ︖  ᠰᠦᠯᠵᠢᠶᠡᠨ ᠲᠡᠭᠡᠷ᠎ᠡ ᠬᠤᠳᠠᠯᠳᠤᠵᠦ ᠪᠠᠶᠢᠭ᠎ᠠ ᠰᠢᠳᠦ ᠭᠤᠶᠤᠯᠠᠵᠦ ᠵᠠᠰᠠᠬᠤ ᠪᠠᠭᠠᠵᠢ ᠨᠢ ᠬᠢᠮᠳᠡ᠂ ᠪᠠᠶᠢᠨ ᠲᠠᠬᠢᠨ‌ᠡᠮᠨᠡᠯᠬᠡ ᠳᠤ ᠬᠦᠶᠦᠭᠦ ᠴᠢᠬᠤᠯᠠ ᠦᠭᠡᠢ᠂ ᠦᠪᠡᠷ ᠢᠶᠠᠨ ᠰᠢᠭᠤᠳ ᠲᠠᠭᠠᠷᠠᠭᠤᠯᠵᠦ ᠪᠤᠯᠬᠤ ᠵᠡᠷᠭᠡ ᠲᠦᠭᠦᠮ ᠲᠦᠳᠡ ᠨᠦᠭᠦᠴᠡᠯ ᠪᠤᠯᠤᠮᠵᠢ ᠲᠠᠢ ᠪᠠᠶᠢᠳᠠᠭ ᠪᠤᠯᠬᠤᠷ᠂ ᠬᠦᠮᠦᠰ ᠲᠤ ᠶᠡᠬᠡᠬᠡᠨ ᠲᠠᠭᠠᠯᠠᠬᠳᠠᠵᠦ ᠪᠠᠶᠢᠳᠠᠭ᠃  ᠭᠡᠳᠡᠯ᠎ᠡ ᠡᠭᠦᠨ ᠢ ᠲᠠᠭᠠᠯᠳᠤᠨ ᠬᠡᠷᠡᠭᠯᠡᠭᠴᠢᠳ ᠲᠤ ᠴᠢᠨᠠᠷ ᠴᠢᠨᠰᠠᠭ᠎ᠠ ᠨᠢ ᠠᠨᠠᠢ᠂ ᠬᠠᠭᠤᠷᠮᠠᠭ ᠮᠠᠭᠤ ᠪᠦᠳᠦᠭᠡᠭᠳᠡᠭᠦᠨ ᠬᠤᠳᠠᠯᠳᠤᠨ ᠦᠭᠭᠦᠭᠰᠡᠨ᠂ ᠵᠠᠰᠠᠵᠦ ᠲᠡᠭᠰᠢᠯᠡᠬᠦ ᠦᠷ᠎ᠡ ᠳ᠋ᠦᠩ ᠨᠢ ᠪᠠᠳᠤᠯᠠᠭ᠎ᠠ ᠦᠭᠡᠢ ᠪᠠᠶᠢᠬᠤ᠂ ᠬᠡᠷᠡᠭᠯᠡᠭᠴᠢᠳ ᠤᠨ ᠰᠢᠳᠤ ᠶᠢ ᠮᠠᠭᠤᠳᠠᠭᠤᠯᠤᠭᠰᠠᠨ ᠵᠡᠷᠭᠡ ᠬᠡᠷᠡᠭ ᠵᠠᠷᠭᠤ ᠴᠤ ᠤᠯᠠᠰᠢᠷᠠᠵᠦ ᠪᠠᠶᠢᠭ᠎ᠠ ᠶᠤᠮ᠃      ᠰᠢᠳᠦ ᠭᠤᠶᠤᠯᠠᠬᠤ ᠨᠢ ᠲᠤᠰᠬᠠᠢ ᠮᠡᠷᠭᠡᠵᠢᠯ ᠤᠨ ᠡᠮᠴᠢᠯᠡᠭᠡ ᠪᠤᠯᠬᠤᠷ᠂ ᠲᠡᠭᠰᠢ ᠦᠭᠡᠢ ᠤᠷᠭᠤᠬᠰᠠᠨ ᠰᠢᠳᠦ ᠪᠠᠨ ᠵᠠᠰᠠᠵᠦ ᠲᠡᠭᠰᠢᠯᠡᠬᠦ ᠬᠡᠪᠡᠯ ᠲᠤᠰᠬᠠᠢ ᠮᠡᠷᠭᠡᠵᠢᠯ ᠤᠨ ᠰᠢᠳᠦ ᠭᠤᠶᠤᠯᠠᠬᠤ ᠡᠮᠴᠢ ᠪᠠᠷ ᠵᠠᠰᠠᠭᠤᠯᠪᠠᠯ ᠰᠠᠶᠢᠨ᠂ ᠰᠢᠳᠦ ᠭᠤᠶᠤᠯᠠᠬᠤ ᠪᠠᠭᠠᠵᠢ ᠶᠢ ᠰᠦᠯᠵᠢᠶᠡᠨ ᠠᠴᠠ ᠰᠢᠭᠤᠳ ᠬᠤᠳᠠᠯᠳᠤᠨ ᠠᠪᠴᠦ ᠦᠪᠡᠷ ᠢᠶᠠᠨ ᠲᠠᠭᠠᠷᠠᠭᠤᠯᠬᠤ ᠨᠢ ᠮᠠᠰᠢ ᠤᠯᠠᠨ ᠠᠶᠤᠯ ᠡᠷᠡᠰᠳᠡᠯ ‌‍ᠲ᠋ᠠᠢ ᠪᠠᠶᠢᠳᠠᠭ᠃ ᠡᠨᠡ ᠨᠢ ᠰᠢᠳᠦᠨ ᠤ ᠤᠯᠠᠨ ᠵᠦᠢᠯ ᠤᠨ ᠡᠪᠡᠳᠴᠢᠨ ᠡᠮᠬᠡᠭ ᠢ ᠡᠭᠦᠰᠭᠡᠵᠦ ᠮᠡᠳᠡᠬᠦ ᠪᠦᠭᠡᠳ ᠴᠢᠨᠠᠬᠰᠢᠯᠠᠨ ᠰᠢᠳᠦ ᠶᠢ ᠬᠤᠬᠢᠷᠠᠭᠤᠯᠵᠦ ᠮᠡᠳᠡᠨ᠎ᠡ᠃ ᠤᠴᠢᠷ ᠨᠢ ᠰᠢᠳᠦ ᠪᠠᠨ ᠵᠠᠰᠠᠵᠦ ᠭᠤᠶᠤᠯᠠᠬᠤ ᠠᠴᠠ ᠪᠤᠯᠤᠬᠰᠠᠨ ᠠᠮᠠᠨ ᠬᠦᠨᠳᠡᠢ ᠶᠢᠨ ᠡᠪᠡᠳᠴᠢᠨ ᠡᠮᠬᠡᠭ ᠨᠢ ᠬᠦᠮᠦᠰ ᠲᠤ ᠨᠠᠰᠤᠨ ᠲᠤᠷᠰᠢ ᠶᠢᠨ ᠡᠳᠡᠭᠡᠷᠡᠰᠢ ᠦᠭᠡᠢᠡᠪᠡᠳᠴᠢᠨ ᠡᠮᠬᠡᠭ ᠪᠤᠯᠵᠦ ᠦᠯᠡᠳᠡᠵᠦ ᠮᠡᠳᠡᠨ᠎ᠡ ᠭᠡᠵᠦ ᠲᠤᠰᠬᠠᠢ ᠮᠡᠷᠭᠡᠵᠢᠯᠳᠡᠳ ᠰᠠᠨᠠᠭᠤᠯᠵᠦ ᠪᠠᠶᠢᠨ᠎ᠠ᠃    
  ᠠᠷᠠᠳ ᠤᠨ ᠰᠦᠯᠵᠢᠶ᠎ᠡ