ᠣᠷᠳᠣᠰ ᠬᠤᠲᠠ ᠶᠢᠨ ᠭᠦᠸᠧ ᠶᠤᠸᠠᠨ ᠠᠭᠤᠷᠬᠠᠶ ᠶᠢᠨ ᠦᠢᠯᠡᠰ ᠤᠨ ᠨᠡᠬᠡᠬᠡᠨ ᠬᠦᠭᠵᠢᠬᠦᠯᠦᠯᠳᠠ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠯᠦᠩ ᠸᠠᠩ ᠭᠧᠤ ᠨᠡᠭᠦᠷᠡᠰᠦᠨ ᠠᠭᠤᠷᠬᠠᠶ ᠶᠢᠨ ᠨᠡᠭᠦᠷᠡᠰᠦ ᠶᠢ ᠨᠡᠬᠡᠬᠡᠨ ᠮᠠᠯᠲᠠᠬᠤ ᠲᠦᠷᠦᠯ ᠵᠦᠢᠯ ᠤᠨ ᠠᠰᠢᠭ ᠣᠷᠣᠯᠭ᠎ᠠ ᠪᠠᠷ ᠬᠠᠮᠲᠤ ᠶᠢᠨ ᠭᠠᠵᠠᠷ ᠰᠢᠷᠤᠢ ᠳᠤ ᠨᠦᠬᠦᠪᠦᠷᠢ ᠦᠭᠬᠦ ᠲᠤᠬᠠᠢ ᠵᠡᠭᠦᠨᠭᠠᠷ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠵᠡᠷ10 ᠳ᠋ᠤᠭᠠᠷ ᠲᠤᠭᠠᠳᠤ
ᠨᠡᠶᠢᠲᠡᠯᠡᠭᠰᠡᠨ ᠴᠠᠭ᠄
2023/3/27
     ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠤᠰ ᠤᠨ ᠭᠠᠵᠠᠷ ᠰᠢᠷᠣᠶ ᠶᠢᠨ ᠡᠬᠢ ᠪᠠᠶᠠᠯᠢᠭ ᠤᠨ ᠶᠠᠮᠤᠨ ᠠᠴᠠ ᠲᠠᠷᠬᠠᠭᠠᠬᠰᠠᠨ ︽ ᠠᠭᠤᠷᠬᠠᠶ ᠮᠠᠯᠲᠠᠬᠤ ᠵᠥᠪᠰᠢᠶᠡᠷᠡᠯ ᠤᠨ ᠦᠨᠡᠮᠯᠡᠯ ︾ ︵ ᠦᠨᠡᠮᠯᠡᠯ ᠤᠨ ᠨᠤᠮᠧᠷ ᠄ C1000002017111110145487 ︶ ᠪᠠ ︽ ᠣᠷᠳᠣᠰ ᠬᠤᠲᠠ ᠶᠢᠨ ᠭᠦᠸᠧ ᠶᠤᠸᠠᠨ ᠠᠭᠤᠷᠬᠠᠶ ᠶᠢᠨ ᠦᠢᠯᠡᠰ ᠤᠨ ᠨᠡᠬᠡᠬᠡᠨ ᠬᠦᠭᠵᠢᠬᠦᠯᠦᠯᠳᠠ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠯᠦᠩ ᠸᠠᠩ ᠭᠸᠦ ᠠᠭᠤᠷᠬᠠᠶ ᠶᠢᠨ ᠬᠤᠳᠳᠤᠭ ᠵᠢᠴᠢ ᠨᠡᠭᠦᠷᠡᠰᠦ ᠰᠢᠯᠢᠬᠦ ᠦᠢᠯᠡᠳᠪᠦᠷᠢ ᠶᠢᠨ ᠠᠩᠬ᠎ᠠ ᠠᠯᠬᠤᠮ ᠤᠨ ᠵᠢᠷᠤᠭ ᠲᠥᠯᠥᠪᠯᠡᠭᠡ ᠶᠢᠨ ᠲᠤᠬᠠᠶ ᠦᠪᠦᠷ ᠮᠤᠩᠭᠤᠯ ᠤᠨ ᠨᠡᠬᠦᠷᠡᠰᠦᠨ ᠤ ᠠᠵᠤ ᠦᠢᠯᠡᠳᠪᠤᠷᠢ ᠶᠢᠨ ᠲᠤᠪᠴᠢᠶ᠎ᠠ ᠶᠢᠨ ᠴᠣᠬᠤᠯᠠᠪᠤᠷᠢ ︾ ︵ ᠥᠪᠥᠷ ᠨᠡᠭᠦᠷᠡᠰᠦ ᠲᠣᠪᠴᠢᠶ᠎ᠠ ᠦᠰᠦᠭᠳᠤ︹2012︺397 ᠳ᠋ᠤᠭᠠᠷ ᠲᠣᠭᠠᠲᠤ ︶  ᠶᠢ ᠦᠨᠳᠦᠰᠦᠯᠡᠨ ᠂ ᠣᠷᠳᠣᠰ ᠬᠤᠲᠠ ᠶᠢᠨ ᠭᠦᠸᠧ ᠶᠤᠸᠠᠨ ᠠᠭᠤᠷᠬᠠᠶ ᠶᠢᠨ ᠦᠢᠯᠡᠰ ᠤᠨ ᠨᠡᠬᠡᠬᠡᠨ ᠬᠦᠭᠵᠢᠬᠦᠯᠦᠯᠳᠠ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠯᠦᠩ ᠸᠠᠩ ᠭᠸᠦ ᠨᠡᠭᠦᠷᠡᠰᠦᠨ ᠠᠭᠤᠷᠬᠠᠶ ᠨᠢ ᠶᠸᠤ ᠢ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠰᠤᠵᠠᠭ ᠤᠨ ᠭᠤᠤ ᠲᠣᠰᠬᠤᠨ ᠤ ᠸᠠᠩ ᠵᠢᠶᠠ ᠭᠧ ᠯᠸᠡᠭ ᠬᠤᠷᠰᠢᠶ᠎ᠠ ᠶᠢᠨ ᠬᠡᠰᠡᠭ ᠭᠠᠵᠠᠷ ᠰᠢᠷᠣᠶ ᠳᠤ ᠠᠰᠢᠭ ᠣᠷᠣᠯᠭ᠎ᠠ ᠶᠢᠨ ᠨᠥᠬᠦᠪᠥᠷᠢ ᠦᠭᠴᠤ ᠂ ᠯᠦᠩ ᠸᠠᠩ ᠭᠸᠦ ᠨᠡᠭᠦᠷᠡᠰᠦᠨ ᠠᠭᠤᠷᠬᠠᠶ ᠶᠢᠨ ᠨᠡᠭᠦᠷᠡᠰᠦ ᠮᠠᠯᠲᠠᠬᠤ ᠳᠤ ᠬᠡᠷᠡᠭᠯᠡᠬᠦᠯᠦᠨ᠎ᠠ ᠂ ᠡᠳᠦᠭᠡ ᠬᠤᠯᠪᠣᠭᠳᠠᠯ ᠪᠥᠬᠦᠶ ᠤᠴᠢᠷ ᠶᠠᠪᠤᠳᠠᠯ  ᠢ ᠳᠣᠤᠷᠠᠬᠢ ᠮᠡᠲᠦ ᠵᠠᠷᠯᠠᠶ᠎ᠠ ᠄   ᠨᠢᠭᠡ ᠂ ᠠᠰᠢᠭ ᠣᠷᠣᠯᠭ᠎ᠠ ᠪᠠᠷ ᠭᠠᠵᠠᠷ ᠰᠢᠷᠣᠶ ᠶᠢᠨ ᠲᠠᠯᠠᠪᠠᠢ ᠂ ᠭᠠᠵᠠᠷ ᠰᠢᠷᠣᠶ ᠶᠢᠨ ᠲᠦᠷᠦᠯ  ᠳᠤ ᠨᠦᠬᠦᠪᠦᠷᠢ ᠦᠭᠬᠦᠨ᠎ᠠᠭᠠᠵᠠᠷ ᠰᠢᠷᠣᠶ ᠶᠢᠨ ᠶᠡᠷᠦᠩᠬᠡᠢ ᠲᠠᠯᠠᠪᠠᠶ ᠨᠢ 1856 ᠮᠥ ᠤᠷᠴᠢᠮ ᠪᠠᠶᠢᠵᠤ ᠂ ᠡᠭᠦᠨ ᠳᠤ ᠡᠪᠡᠰᠤᠳᠤ ᠭᠠᠵᠠᠷ  ᠤᠨ ᠲᠠᠯᠠᠪᠡᠢ 1819 ᠤᠷᠴᠢᠮ ᠮᠥ ᠂ ᠲᠠᠷᠢᠶᠠᠨ ᠭᠠᠵᠠᠷ  ᠤᠨ ᠲᠠᠯᠠᠪᠡᠢ 37 ᠤᠷᠴᠢᠮ ᠮᠥ ᠪᠠᠶᠢᠨ᠎ᠠ ᠃ ᠳᠡᠭᠡᠷᠡᠬᠢ ᠭᠠᠵᠠᠷ ᠰᠢᠷᠣᠶ ᠶᠢᠨ ᠲᠥᠷᠥᠯ ᠨᠢ ᠤᠯᠤᠰ ᠤᠨ ᠭᠤᠷᠪᠠᠨᠳᠠ ᠳᠣᠭᠢᠷᠠᠭᠤᠯᠤᠭᠰᠠᠨ ᠲᠤᠭ᠎ᠠ ᠪᠠᠷᠢᠮᠲᠠ ᠪᠠᠶᠢᠵᠦ ᠂ ᠪᠣᠳᠠᠲᠠᠶ ᠭᠠᠵᠠᠷ ᠰᠢᠷᠣᠶ ᠶᠢᠨ ᠲᠥᠷᠥᠯ ᠢ ᠨᠡᠭᠦᠯᠭᠡᠬᠦ ᠳᠤ ᠨᠦᠬᠦᠪᠦᠷᠢ ᠦᠭᠬᠦ ᠠᠵᠢᠯᠯᠠᠬᠤ ᠳᠤᠭᠤᠶᠢᠯᠠᠩ ᠪᠠ ᠭᠠᠵᠠᠷ ᠰᠢᠷᠣᠶ ᠶᠢᠨ ᠲᠥᠷᠥᠯ ᠢ ᠮᠠᠭᠠᠳᠯᠠᠨ ᠲᠣᠭᠲᠠᠭᠠᠬᠤ ᠳᠤᠭᠤᠶᠢᠯᠠᠩ ᠤᠨ ᠲᠤᠬᠠᠶ ᠶᠢᠨ ᠭᠠᠵᠠᠷ ᠲᠤᠨᠢ ᠬᠢᠨᠠᠨ ᠬᠠᠷᠭᠤᠭᠤᠯᠤᠬᠰᠠᠨ ᠢᠶᠠᠷ ᠪᠠᠷᠢᠮᠵᠢᠶ᠎ᠠ ᠪᠣᠯᠭᠠᠨ᠎ᠠ ᠃   ᠬᠤᠶᠠᠷ ᠂ ᠠᠰᠢᠭ ᠣᠷᠣᠯᠭ᠎ᠠ  ᠪᠠᠷ ᠭᠠᠵᠠᠷ ᠰᠢᠷᠣᠶ ᠶᠢᠨ ᠬᠡᠷᠡᠭᠴᠡᠭᠡ ᠂ ᠣᠷᠣᠨ ᠪᠠᠶᠢᠷᠢ  ᠳᠤ ᠨᠦᠬᠦᠪᠦᠷᠢ ᠦᠭᠬᠦᠨ᠎ᠠᠠᠰᠢᠭ ᠣᠷᠣᠯᠭ᠎ᠠ ᠶᠢᠨ ᠨᠦᠬᠦᠪᠦᠷᠢ  ᠶᠢᠨ ᠭᠠᠵᠠᠷ ᠰᠢᠷᠣᠶ  ᠶᠢᠨ ᠬᠡᠷᠡᠭᠯᠡᠯᠳᠡ  ᠨᠢ ᠣᠷᠳᠣᠰ ᠬᠤᠲᠠ ᠶᠢᠨ ᠭᠦᠸᠧ ᠶᠤᠸᠠᠨ ᠠᠭᠤᠷᠬᠠᠶ ᠶᠢᠨ ᠦᠢᠯᠡᠰ ᠤᠨ ᠨᠡᠬᠡᠬᠡᠨ ᠬᠦᠭᠵᠢᠬᠦᠯᠦᠯᠳᠠ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠯᠦᠩ ᠸᠠᠩ ᠭᠸᠦ ᠨᠡᠭᠦᠷᠡᠰᠦᠨ ᠠᠭᠤᠷᠬᠠᠶ ᠶᠢᠨ ᠨᠡᠭᠦᠷᠡᠰᠦ ᠮᠠᠯᠲᠠᠬᠤ ᠬᠡᠷᠡᠭᠴᠡᠭᠡ ᠪᠤᠯᠤᠨ᠎ᠠ ︔ ᠤᠷᠤᠨ ᠪᠠᠶᠢᠷᠢ ᠨᠢ ᠬᠡᠪᠡᠯ ᠶᠸᠤ ᠢ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠰᠤᠵᠠᠭ ᠤᠨ ᠭᠤᠤ ᠲᠣᠰᠬᠤᠨ ᠤ ᠸᠠᠩ ᠵᠢᠶᠠ ᠭᠧ ᠯᠸᠡᠭ ᠬᠤᠷᠰᠢᠶ᠎ᠠ ᠳᠤ ᠪᠠᠶᠢᠷᠢᠯᠠᠵᠦ ᠪᠤᠢ ᠃   ᠭᠤᠷᠪᠠ ᠂ ᠭᠠᠵᠠᠷ ᠰᠢᠷᠣᠶ ᠶᠢᠨ ᠠᠰᠢᠭ ᠣᠷᠣᠯᠭ᠎ᠠ ᠶᠢ ᠨᠥᠬᠦᠪᠥᠷᠢᠯᠡᠬᠦ ᠪᠠᠷᠢᠮᠵᠢᠶ᠎ᠠᠭᠠᠵᠠᠷ ᠰᠢᠷᠣᠶ ᠶᠢᠨ ᠠᠰᠢᠭ ᠣᠷᠣᠯᠭ᠎ᠠ ᠶᠢ ᠨᠥᠬᠦᠪᠥᠷᠢᠯᠡᠬᠦ ᠪᠠᠷᠢᠮᠵᠢᠶ᠎ᠠ ᠶᠢ ︽ ᠬᠤᠰᠢᠭᠤᠨ ᠤ ᠬᠥᠳᠡᠭᠡ ᠲᠣᠰᠬᠤᠨ ᠤ ᠬᠠᠮᠲᠤ ᠶᠢᠨ ᠭᠠᠵᠠᠷ ᠰᠢᠷᠣᠶ ᠶᠢ ᠲᠠᠲᠠᠪᠤᠷᠢᠯᠠᠵᠦ ᠨᠥᠬᠦᠪᠥᠷᠢ ᠦᠭᠴᠤ ᠲᠥᠪᠬᠢᠨᠡᠭᠦᠯᠬᠦ ᠠᠷᠭ᠎ᠠ ᠶᠢ ᠳᠠᠷᠤᠮᠠᠯᠯᠠᠨ ᠲᠠᠷᠬᠠᠭᠠᠬᠤ ᠲᠤᠬᠠᠶ ᠵᠡᠬᠦᠨᠭᠠᠷ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ ︾ ︵ ᠵᠡᠬᠦᠨᠭᠠᠷ ᠵᠠᠰᠠᠭ ᠲᠠᠷᠬᠠᠭᠠᠭᠰᠠᠨ ︹2013︺42 ᠳ᠋ᠤᠬᠡᠷ ᠲᠣᠭᠠᠲᠤ ︶ ᠵᠢᠴᠢ ᠲᠡᠬᠦᠨ  ᠤ ᠨᠥᠬᠦᠪᠥᠷᠢ ᠲᠣᠭᠲᠠᠭᠠᠯ ᠤᠨ ᠶᠣᠰᠣᠭᠠᠷ ᠬᠡᠷᠡᠭᠵᠢᠭᠦᠯᠦᠨ᠎ᠡ ᠃   ᠳᠥᠷᠪᠡ ᠂ ᠪᠤᠰᠤᠳ ᠵᠦᠢᠯ   ︵ ᠨᠢᠭᠡ ︶ ᠲᠣᠰ ᠠᠯᠪᠠᠨ ᠵᠠᠷ ᠢ ᠨᠡᠶᠢᠲᠡᠯᠡᠭᠰᠡᠨ ᠡᠳᠦᠷ ᠠᠴᠠ ᠡᠬᠢᠯᠡᠨ ᠂ ᠬᠤᠯᠪᠣᠭᠳᠠᠯ ᠪᠥᠬᠦᠶ ᠪᠠᠶᠢᠭᠤᠯᠤᠮᠵᠢ ᠪᠠ ᠬᠡᠮᠵᠢᠯᠲᠡ ᠶᠢᠨ ᠪᠠᠶᠢᠭᠤᠯᠭ᠎ᠠ ᠨᠢᠬᠡᠴᠢ ᠶᠢ ᠵᠣᠬᠢᠶᠠᠨ ᠪᠠᠶᠢᠭᠤᠯᠵᠦ ᠭᠠᠵᠠᠷ ᠰᠢᠷᠣᠶ ᠶᠢᠨ ᠨᠥᠬᠦᠪᠥᠷᠢ ᠤᠯᠭᠤᠬᠤ ᠲᠤᠬᠠᠶ ᠶᠢᠨ ᠭᠠᠵᠠᠷ ᠬᠦᠷᠴᠤ ᠂ ᠭᠠᠵᠠᠷ ᠰᠢᠷᠣᠶ ᠶᠢᠨ ᠦᠮᠴᠢᠯᠡᠬᠦ ᠡᠷᠬᠡ ᠶᠢᠨ ᠬᠠᠷᠢᠶᠠᠯᠠᠯ ᠂ ᠭᠠᠵᠠᠷ ᠰᠢᠷᠣᠶ ᠶᠢᠨ ᠲᠥᠷᠥᠯ ᠂ ᠲᠠᠯᠠᠪᠠᠶ ᠵᠢᠴᠢ ᠭᠠᠵᠠᠷ ᠳᠡᠭᠡᠷᠡᠬᠢ ᠳᠠᠭᠠᠯᠲᠠ ᠪᠣᠳᠠᠰ ︵ ᠬᠡᠷ ᠪᠠᠶᠢᠰᠢᠩ ᠪᠠᠭᠲᠠᠨ᠎ᠠ ︶  ᠤᠨ ᠦᠮᠴᠢᠯᠡᠯ ᠤᠨ ᠡᠷᠬᠡ ᠶᠢᠨ ᠬᠠᠷᠢᠶᠠᠯᠠᠯ ᠂ ᠲᠥᠷᠥᠯ ᠵᠦᠢᠯ ᠂ ᠲᠤᠭ᠎ᠠ ᠬᠡᠮᠵᠢᠶ᠎ᠡ ᠂ ᠪᠦᠲᠦᠴᠡ ᠵᠡᠷᠭᠡ ᠣᠳᠣᠬᠢ ᠪᠠᠶᠢᠳᠠᠯ ᠳᠤ ᠪᠠᠶᠢᠴᠠᠭᠠᠯᠲᠠ ᠬᠢᠵᠦ ᠂ ᠡᠯ᠎ᠡ ᠬᠤᠯᠪᠤᠬᠳᠠᠯ ᠪᠥᠬᠦᠢ ᠪᠠᠶᠢᠭᠤᠯᠭ᠎ᠠ ᠨᠢᠭᠡᠴᠢ ᠪᠠ ᠬᠤᠪᠢ ᠬᠥᠮᠦᠨ ᠬᠠᠷᠢᠯᠴᠠᠨ ᠮᠡᠳᠡᠭᠳᠡᠬᠦ  ᠶᠢᠨ ᠬᠠᠮᠲᠤ  ᠬᠠᠮᠵᠢᠯᠴᠠᠭᠠᠷᠡᠢ ᠃ ᠪᠠᠶᠢᠴᠠᠭᠠᠯᠲᠠ ᠶᠢᠨ ᠦᠷ᠎ᠡ ᠳ᠋ᠦᠩ ᠢ ᠨᠡᠭᠦᠯᠭᠡᠬᠦ ᠳᠤ ᠨᠥᠬᠦᠪᠥᠷᠢ ᠦᠭᠬᠦ ᠠᠵᠢᠯᠯᠠᠬᠤ ᠳᠤᠭᠤᠶᠢᠯᠠᠩ ᠤᠨ ᠪᠦᠷᠢᠯᠳᠦᠬᠦᠨ ᠪᠠ ᠭᠠᠵᠠᠷ ᠰᠢᠷᠣᠶ ᠶᠢᠨ ᠦᠮᠴᠢᠯᠡᠯ ᠤᠨ ᠡᠷᠬᠡ ᠶᠢᠨ ᠬᠠᠷᠢᠶᠠᠯᠠᠯ ᠤᠨ ᠵᠠᠭᠠᠭ ᠬᠢᠵᠠᠭᠠᠷ ᠢ ᠲᠠᠨᠢᠭᠤᠯᠬᠤ ᠳᠤᠭᠤᠶᠢᠯᠠᠩ ᠤᠨ ᠪᠦᠷᠢᠯᠳᠦᠬᠦᠨ ᠬᠢᠭᠡᠳ ᠬᠥᠳᠡᠭᠡ ᠲᠣᠰᠬᠤᠨ ᠤ ᠬᠠᠮᠲᠤ ᠶᠢᠨ ᠠᠵᠤ ᠠᠬᠤᠶ ᠶᠢᠨ ᠵᠣᠬᠢᠶᠠᠨ ᠪᠠᠶᠢᠭᠤᠯᠤᠯᠲᠠ ᠂ ᠲᠠᠷᠢᠶᠠᠴᠢᠨ ᠡᠷᠦᠬᠡ ᠪᠠ ᠭᠠᠵᠠᠷ ᠳᠡᠭᠡᠷᠡᠬᠢ ᠳᠠᠭᠠᠯᠲᠠ ᠪᠣᠳᠠᠰ ᠤᠨ ᠥᠮᠴᠢᠯᠡᠯ ᠤᠨ ᠡᠷᠬᠡᠲᠦ ᠬᠥᠮᠦᠨ ᠬᠠᠮᠲᠤ ᠪᠠᠷ ᠭᠠᠷ ᠤᠨ ᠦᠰᠦᠭ ᠵᠢᠷᠤᠵᠤ ᠨᠤᠳᠠᠯᠠᠨ᠎ᠠ ᠃   ︵ ᠬᠤᠶᠠᠷ ︶ ᠲᠣᠰ ᠠᠯᠪᠠᠨ ᠵᠠᠷ ᠢ ᠨᠡᠶᠢᠲᠡᠯᠡᠭᠰᠡᠨ ᠡᠳᠦᠷ ᠠᠴᠠ ᠡᠬᠢᠯᠡᠨ ᠂ ᠨᠥᠬᠦᠪᠥᠷᠢ ᠦᠭᠬᠦ ᠭᠠᠵᠠᠷ ᠰᠢᠷᠣᠶ ᠶᠢᠨ ᠬᠡᠪᠴᠢᠶᠡᠨ ᠳᠣᠲᠣᠷ᠎ᠠ ᠰᠢᠨ᠎ᠡ ᠪᠠᠷ ᠪᠥᠲᠥᠭᠡᠨ ᠪᠠᠶᠢᠭᠤᠯᠤᠯᠳᠠ  ᠶᠢᠨ ᠲᠥᠷᠥᠯ ᠵᠦᠢᠯ ᠨᠡᠮᠡᠬᠦ ᠂ ᠭᠠᠵᠠᠷ ᠰᠢᠷᠣᠶ ᠶᠢᠨ ᠲᠥᠷᠥᠯ ᠢ ᠦᠬᠡᠷᠡᠴᠢᠯᠡᠨ ᠬᠤᠪᠢᠷᠠᠭᠤᠯᠬᠤ ᠂ ᠮᠣᠳᠣ ᠲᠠᠷᠢᠬᠤ  ᠶᠢ ᠲᠦᠷ ᠵᠤᠭᠰᠤᠭᠠᠵᠦ ᠂ ᠬᠡᠷᠪᠡ ᠲᠡᠭᠡᠷᠡᠬᠢ ᠦᠢᠯᠡ ᠠᠵᠢᠯᠯᠠᠭ᠎ᠠ  ᠲᠠᠢ ᠪᠤᠶᠤ ᠭᠠᠵᠠᠷ ᠰᠢᠷᠣᠶ ᠶᠢ ᠠᠰᠢᠭᠯᠠᠬᠤ ᠣᠳᠣᠬᠢ ᠪᠠᠶᠢᠳᠠᠯ ᠢ ᠬᠤᠪᠢᠷᠠᠭᠤᠯᠤᠭᠰᠠᠨ ᠪᠠᠶᠢᠪᠠᠯ ᠴᠦᠮ ᠨᠦᠬᠦᠪᠦᠷᠢ ᠦᠭᠬᠦ ᠪᠠᠷ ᠲᠠᠩᠰᠠᠯᠠᠭᠤᠯᠬᠤ ᠦᠬᠡᠢ ᠃   ︵ ᠭᠤᠷᠪᠠ ︶ ᠲᠤᠰ ᠠᠯᠪᠠᠨ ᠵᠠᠷ ᠢ ᠨᠡᠶᠢᠲᠡᠯᠡᠭᠰᠡᠨ ᠡᠳᠦᠷ ᠠᠴᠠ ᠡᠬᠢᠯᠡᠨ ᠠᠷᠪᠠᠨ ᠬᠤᠶᠠᠷ ᠰᠠᠷ᠎ᠠ ᠶᠢᠨ ᠳᠣᠲᠣᠷ᠎ᠠ ᠬᠦᠴᠦᠨ ᠲᠠᠢ ᠃   ︵ ᠲᠦᠷᠪᠡ ︶ ᠲᠤᠰ ᠠᠯᠪᠠᠨ ᠵᠠᠷ ᠢ ᠨᠡᠶᠢᠲᠡᠯᠡᠭᠰᠡᠨ ᠡᠳᠦᠷ ᠠᠴᠠ ᠡᠬᠢᠯᠡᠨ ᠬᠡᠷᠡᠭᠵᠢᠭᠦᠯᠦᠨ᠎ᠡ ᠂ ᠤᠯᠠᠨ ᠢᠶᠠᠷ  ᠢᠶᠠᠨ ᠬᠠᠷᠢᠯᠴᠠᠨ ᠮᠡᠳᠡᠭᠳᠡᠬᠦ ᠶᠢᠨ ᠬᠠᠮᠲᠤ ᠲᠤᠰ ᠠᠯᠪᠠᠨ ᠵᠠᠷ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠢᠳᠡᠪᠬᠢᠲᠡᠶ ᠪᠠᠷ ᠢᠯᠡᠴᠢᠯᠡᠨ ᠮᠡᠳᠡᠭᠦᠯᠬᠦ ᠬᠡᠷᠡᠭᠳᠡᠢ ᠃ᠣᠨᠴᠠᠭᠠᠶᠢᠯᠠᠨ ᠵᠠᠷᠯᠠᠪᠠ                    ᠵᠡᠭᠦᠨᠭᠠᠷ ᠬᠤᠰᠢᠭᠤᠨ ᠤ ᠠᠷᠠᠳ ᠤᠨ ᠵᠠᠰᠠᠭ ᠤᠨ ᠣᠷᠳᠣᠨ              2023 ᠣᠨ ᠤ 2 ᠰᠠᠷ᠎ᠠ ᠶᠢᠨ 7 ᠤ ᠡᠳᠦᠷ 
ᠢᠷᠡᠯᠲᠡ᠄ ᠲᠤᠰ ᠰᠦᠯᠵᠢᠶ᠎ᠡ