| | | | ᠵᠢᠤ ᠲᠠᠢ ᠡᠨᠧᠷᠬᠢ ︵ ᠵᠡᠬᠦᠠᠭᠠᠷ ︶ ᠶᠢᠨ ᠬᠢᠵᠠᠭᠠᠷᠳᠤ ᠺᠤᠮᠫᠠᠨᠢ ᠶᠢᠨ 60 ᠳᠦᠮᠡᠨ ᠳᠤᠨ ᠤ ᠮᠧᠲ᠋ᠢᠯ ᠠᠯᠺᠤᠤᠯ ᠢᠶᠠᠷ ᠠᠯᠺᠧᠨ ᠤᠶᠢᠯᠡᠳᠪᠤᠷᠢᠯᠡᠬᠦ ᠳᠦᠷᠤᠯ ᠵᠤᠶᠢᠯ ᠃ | ᠵᠢᠤ ᠲᠠᠢ ᠡᠨᠧᠷᠬᠢ ︵ ᠵᠡᠬᠦᠠᠭᠠᠷ ︶ ᠶᠢᠨ ᠬᠢᠵᠠᠭᠠᠷᠳᠤ ᠺᠤᠮᠫᠠᠨᠢ ᠨᠢ ᠤᠷᠳᠤᠰ ᠬᠤᠳᠠ ᠶᠢᠨ ᠵᠡᠬᠦᠠᠭᠠᠷ ᠬᠤᠰᠢᠭᠤᠨ ᠤ ᠳ᠋ᠠ ᠯᠤ᠋ ᠬᠦᠷᠢᠶᠡᠯᠡᠩ ᠳᠤᠭᠤᠷᠢᠭ ᠲᠤ | ᠪᠠᠶᠢᠷᠢᠰᠢᠵᠤ ᠂ ᠵᠢᠤ ᠲᠠᠢ ᠡᠨᠧᠷᠬᠢ ᠶᠢᠨ ᠦᠪᠤᠷ ᠮᠤᠩᠭᠤᠯ ᠤᠨ ᠬᠢᠵᠠᠭᠠᠷᠳᠤ ᠺᠤᠮᠫᠠᠨᠢ ᠶᠢᠨ ᠪᠦᠷᠢᠨ ᠪᠡᠯᠡ ᠤᠷᠤᠭᠤᠯᠤᠬᠰᠠᠨ ᠬᠤᠪᠢᠶᠠᠷᠢ ᠺᠤᠮᠫᠠᠨᠢ ᠪᠤᠯᠤᠨ᠎ᠠ ᠃ ᠳᠤᠰ | ᠺᠤᠮᠫᠠᠨᠢ ᠵᠢᠴᠢ ᠳ᠋ᠠ ᠯᠤ᠋ ᠠᠵᠤ ᠤᠶᠢᠯᠡᠳᠪᠤᠷᠢ ᠶᠢᠨ ᠬᠦᠷᠢᠶᠡᠯᠡᠩ ᠳᠤᠭᠤᠷᠢᠭ ᠤᠨ ᠡᠯᠪᠡᠭ ᠳᠡᠯᠪᠡᠭ ᠮᠧᠲ᠋ᠢᠯ ᠠᠯᠺᠤᠤᠯ ᠤᠨ ᠡᠬᠢ ᠪᠠᠶᠠᠯᠢᠭ ᠢ ᠬᠦᠢᠴᠡᠳ ᠠᠰᠢᠬᠯᠠᠵᠤ ᠂ | ᠮᠧᠲ᠋ᠢᠯ ᠠᠯᠺᠤᠤᠯ ᠤᠨ ᠳᠠᠭᠠᠯᠳᠠ ᠤᠶᠢᠯᠡᠳᠬᠦᠨ ᠢ ᠤᠶᠢᠯᠡᠳᠪᠤᠷᠢᠯᠡᠨ ᠬᠦᠭᠵᠢᠬᠦᠯᠵᠤ ᠂ ᠮᠧᠲ᠋ᠢᠯ ᠠᠯᠺᠤᠤᠯ ᠢ ᠳᠤᠬᠠᠢ ᠶᠢᠨ ᠭᠠᠵᠠᠷ ᠲᠤᠨᠢ ᠬᠤᠪᠢᠷᠠᠭᠤᠯᠬᠤ ᠪᠠ | ᠠᠵᠤ ᠤᠶᠢᠯᠡᠰ ᠤᠨ ᠭᠡᠯᠬᠢᠶ᠎ᠠ ᠶᠢ ᠤᠷᠳᠤᠳᠬᠠᠬᠤ ᠶᠢᠨ ᠳᠦᠯᠦᠭᠡ ᠪᠠᠶᠢᠭᠤᠯᠤᠬᠰᠠᠨ ᠶᠤᠮ ᠃ 2012 ᠤᠨ ᠤ 1 ᠰᠠᠷ᠎ᠠ ᠳᠤ ᠦᠪᠡᠷᠳᠡᠭᠡᠨ ᠵᠠᠰᠠᠬᠤ ᠤᠷᠤᠨ ᠤ | ᠬᠦᠭᠵᠢᠬᠦᠯᠤᠯᠳᠡ ᠦᠭᠡᠷᠡᠴᠢᠯᠡᠯᠳᠡ ᠶᠢᠨ ᠵᠦᠪᠯᠡᠯ ᠢᠶᠠᠷ ᠵᠦᠪᠰᠢᠶᠡᠷᠡᠬᠦᠯᠤᠨ ᠮᠧᠲ᠋ᠢᠯ ᠠᠯᠺᠤᠤᠯ ᠢ ᠨᠠᠷᠢᠯᠢᠭ ᠪᠤᠯᠪᠠᠰᠤᠷᠠᠭᠤᠯᠬᠤ ᠳᠦᠷᠤᠯ ᠵᠤᠶᠢᠯ ᠢ ᠪᠦᠳᠤᠭᠡᠨ | ᠪᠠᠶᠢᠭᠤᠯᠵᠠᠢ ᠃ ᠳᠤᠰ ᠳᠦᠷᠤᠯ ᠵᠤᠶᠢᠯ ᠤᠨ ᠡᠵᠡᠯᠡᠬᠦ ᠭᠠᠵᠠᠷ ᠨᠢ 1045 ᠮᠤ᠋ ᠪᠠᠶᠢᠵᠤ ᠂ ᠶᠡᠷᠦᠩᠭᠡᠢ ᠪᠡᠯᠡ ᠤᠷᠤᠭᠤᠯᠤᠯᠳᠠ ᠨᠢ 82.8 ᠳ᠋ᠦᠩᠰᠢᠭᠤᠷ ᠳᠦᠬᠦᠷᠢᠭ | ᠪᠤᠢ ᠃ ᠵᠢᠯ ᠳᠤ ᠳᠤᠮᠳᠠᠴᠢ ᠪᠠᠷ 189 ᠳᠦᠮᠡᠨ ᠳᠤᠨ ᠮᠧᠲ᠋ᠢᠯ ᠠᠯᠺᠤᠤᠯ ᠂ 65.63 ᠳᠦᠮᠡᠨ ᠳᠤᠨ ᠳᠦᠯᠡᠰᠢᠨ ᠨᠡᠬᠦᠷᠡᠰᠤ ᠂ 410.5m³/h ︵ 328.4 | ᠳᠦᠮᠡᠨ ᠳᠤᠨ ︶ ᠤᠰᠤ ᠂ 72050 ᠳᠦᠮᠡᠨ ᠭᠷᠠᠳᠦ᠋ᠰ ᠴᠠᠬᠢᠯᠭᠠᠨ ᠭᠡᠷᠡᠭᠰᠡᠵᠤ ᠂ ᠪᠤᠬᠢᠷ ᠤᠰᠤ ᠭᠠᠳᠠᠬᠰᠢᠯᠠᠭᠤᠯᠤᠬᠰᠠᠨ ᠦᠭᠡᠢ ᠪᠠᠶᠢᠵᠤ ᠂ ᠦᠨᠡᠰᠤ ᠰᠢᠭᠠᠷᠤ | ᠭᠠᠳᠠᠬᠰᠢᠯᠠᠭᠤᠯᠤᠬᠰᠠᠨ ᠭᠡᠮᠵᠢᠶ᠎ᠠ ᠨᠢ 1500 ᠳᠦᠮᠡᠨ m³ ᠳᠤ ᠬᠦᠷᠴᠡᠢ ᠃ ᠳᠦᠷᠤᠯ ᠵᠤᠶᠢᠯ ᠢ 2012 ᠤᠨ ᠤ 3 ᠰᠠᠷ᠎ᠠ ᠳᠤ ᠪᠦᠬᠦ ᠳᠠᠯ᠎ᠠ ᠪᠠᠷ | ᠪᠠᠷᠢᠯᠭ᠎ᠠ ᠡᠬᠢᠯᠡᠬᠦᠯᠤᠨ ᠪᠦᠳᠤᠭᠡᠨ ᠪᠠᠶᠢᠭᠤᠯᠵᠤ ᠂ 2017 ᠤᠨ ᠤ 3 ᠰᠠᠷ᠎ᠠ ᠶᠢᠨ 20 ᠤ ᠡᠳᠤᠷ ᠪᠦᠬᠦ ᠳᠠᠯ᠎ᠠ ᠪᠠᠷ ᠪᠠᠷᠢᠯᠭ᠎ᠠ ᠪᠠᠨ ᠰᠡᠷᠬᠦᠭᠡᠨ ᠬᠢᠵᠤ ᠂ 2019 | ᠤᠨ ᠤ 3 ᠰᠠᠷ᠎ᠠ ᠶᠢᠨ 20 ᠤ ᠡᠳᠤᠷ ᠳᠤᠰ ᠳᠦᠷᠤᠯ ᠵᠤᠶᠢᠯ ᠨᠢ ᠪᠦᠳᠤᠭᠡᠨ ᠪᠠᠶᠢᠭᠤᠯᠤᠬᠳᠠᠵᠤ ᠠᠰᠢᠬᠯᠠᠯᠳᠠ ᠳᠤ ᠤᠷᠤᠬᠰᠠᠨ ᠪᠠᠶᠢᠨ᠎ᠠ ᠂ ᠵᠢᠱᠢᠭᠰᠡᠨ ᠢᠶᠠᠷ 80 | ᠳ᠋ᠦᠩᠰᠢᠭᠤᠷ ᠳᠦᠬᠦᠷᠢᠭ ᠤᠨ ᠪᠤᠷᠤᠯᠠᠭᠤᠯᠤᠯᠳᠠ ᠶᠢᠨ ᠤᠷᠤᠯᠭ᠎ᠠ ᠶᠢ ᠪᠡᠶᠡᠯᠡᠬᠦᠯᠵᠤ ᠂ ᠠᠰᠢᠭ ᠭᠠᠶᠢᠯᠢ ᠨᠢ 25 ᠳ᠋ᠦᠩᠰᠢᠭᠤᠷ ᠳᠦᠬᠦᠷᠢᠭ ᠲᠤ ᠬᠦᠷᠤᠨ᠎ᠠ ᠃ | | |