| ᠨᠠᠰᠤᠨ ᠳᠤ ᠤᠢᠯᠦ ᠬᠦᠷᠦᠭᠰᠡᠦᠠ ᠢ ᠬᠠᠮᠠᠭᠠᠯᠠᠬᠤ ᠬᠠᠤᠯᠢ ᠶᠢᠨ ᠬᠤᠷᠢᠨ ᠳᠥᠷᠪᠡᠳᠦᠭᠡᠷ ᠵᠦᠢᠯ ᠳᠤ ᠂ ᠨᠠᠰᠤᠨ ᠳᠤ ᠤᠢᠯᠦ ᠬᠦᠷᠦᠭᠰᠡᠦᠠ ᠢ ᠪᠤᠯᠢᠶᠠᠯᠴᠠᠬᠤ ᠪᠤᠶᠤ | ᠨᠢᠭᠤᠨ ᠳᠠᠯᠳᠠᠯᠠᠬᠤ ᠵᠡᠷᠭᠡ ᠠᠷᠭ᠎ᠠ ᠮᠠᠶ᠋ᠢᠭ ᠢᠶᠠᠷ ᠠᠰᠠᠷᠠᠨ ᠲᠡᠵᠢᠭᠡᠬᠦ ᠡᠷᠬᠡ ᠶᠢ ᠪᠤᠯᠢᠶᠠᠯᠳᠤᠵᠤ ᠪᠣᠯᠬᠤ ᠤᠢᠭᠡᠢ ᠃ ᠨᠠᠰᠤᠨ ᠳᠤ ᠬᠦᠷᠦᠭᠡᠳᠦᠢ ᠦᠷ᠎ᠡ ᠬᠡᠦᠬᠡᠳ ᠢᠶᠠᠨ | ᠪᠤᠯᠢᠶᠠᠯᠴᠠᠬᠤ ᠂ ᠨᠢᠭᠤᠨ ᠳᠠᠯᠳᠠᠯᠠᠬᠤ ᠠᠵᠢᠯᠯᠠᠭ᠎ᠠ ᠨᠢ ᠡᠴᠢᠭᠡ ᠡᠭᠡ ᠶᠢᠨ ᠬᠢᠨᠢ ᠨᠦᠬᠦᠭᠡ ᠡᠲᠡᠭᠡᠳ ᠤᠨ ᠦᠷ᠎ᠡ ᠬᠡᠦᠬᠡᠳ ᠢᠶᠠᠨ ᠬᠠᠤᠯᠢ ᠶᠣᠰᠣᠭᠠᠷ ᠠᠰᠠᠷᠠᠨ | ᠲᠡᠵᠢᠭᠡᠬᠦ ᠂ ᠰᠤᠷᠭᠠᠨ ᠬᠥᠮᠦᠵᠢᠭᠦᠯᠬᠦ ᠂ ᠬᠠᠮᠠᠭᠠᠯᠠᠬᠤ ᠡᠷᠬᠡ ᠶᠢ ᠬᠤᠬᠢᠷᠠᠭᠤᠯᠬᠤ ᠪᠠᠷ ᠪᠠᠷᠠᠬᠤ ᠤᠢᠭᠡᠢ ᠂ ᠪᠠᠰᠠ ᠨᠠᠰᠤᠨ ᠳᠤ ᠬᠦᠷᠦᠭᠡᠳᠦᠢ ᠦᠷ᠎ᠡ ᠬᠡᠦᠬᠡᠳ ᠤᠨ ᠪᠡᠶ᠎ᠡ | ᠰᠡᠳᠬᠢᠯ ᠤᠨ ᠡᠷᠡᠭᠦᠯ ᠮᠡᠡᠳᠦ ᠶᠢ ᠬᠦᠨᠳᠦ ᠭᠡᠴᠡᠭᠦᠦ ᠬᠤᠬᠢᠷᠠᠭᠤᠯᠬᠤ ᠪᠣᠯᠬᠤᠷ ᠡᠷᠡᠰ ᠰᠡᠷᠭᠡᠶᠢᠯᠡᠨ ᠬᠤᠷᠢᠭᠯᠠᠬᠤ ᠬᠡᠷᠡᠭᠲᠡᠢ ᠭᠡᠵᠦ ᠲᠣᠳᠣᠷᠬᠠᠢ ᠲᠣᠭᠲᠠᠭᠠᠵᠠᠢ ᠃ | ᠨᠠᠰᠤᠨ ᠳᠤ ᠥᠯᠥ ᠭᠦᠷᠦᠭᠰᠡᠳ ᠬᠡᠷ ᠪᠦᠯᠢ ᠶᠢᠨ ᠬᠦᠴᠦᠷᠬᠡᠭᠯᠡᠯ ᠢᠯᠠᠩᠭᠤᠶ᠎ᠠ ᠪᠡᠶ᠎ᠡ ᠮᠠᠬᠠᠪᠣᠳ ᠤᠨ ᠬᠦᠴᠦᠷᠬᠡᠭᠯᠡᠯ ᠢ ᠨᠢᠳᠦ ᠪᠠᠷ ᠢᠶᠠᠨ ᠦᠵᠡᠪᠡᠯ ᠂ ᠲᠡᠭᠦᠨ ᠤ | ᠰᠡᠳᠬᠢᠴᠡ ᠳᠤ ᠯᠤᠲᠤ ᠶᠡᠭᠡ ᠲᠠᠭᠠᠷᠢᠯᠲᠠ ᠤᠴᠠᠷᠠᠭᠤᠯᠬᠤ ᠪᠠᠷ ᠪᠠᠷᠠᠬᠤ ᠥᠬᠡᠶ ᠂ ᠪᠠᠰᠠ ᠪᠤᠰᠤᠳ ᠤᠨ ᠠᠭᠤᠷ ᠬᠢᠯᠢᠩ ᠢᠶᠠᠨ ᠭᠠᠷᠭᠠᠬᠤ ᠂ ᠬᠠᠷᠢᠶᠠᠯᠴᠠᠵᠦ | ᠵᠤᠳᠤᠯᠴᠠᠬᠤ ᠵᠡᠷᠭᠡ ᠰᠢᠯᠲᠠᠭᠠᠨ ᠠᠴᠠ ᠪᠣᠯᠵᠣ ᠪᠡᠶ᠎ᠡ ᠰᠡᠳᠬᠢᠯ ᠳᠤᠨᠢ ᠰᠢᠷᠬ᠎ᠠ ᠰᠤᠷᠪᠢ ᠰᠠᠭᠤᠯᠭᠠᠵᠤ ᠮᠡᠳᠡᠨ᠎ᠡ ᠂ ᠦᠷᠬᠦᠯᠵᠢ ᠡᠶᠢᠮᠦ ᠤᠷᠴᠢᠨ ᠳᠤ ᠪᠠᠶᠢᠭᠠᠳ ᠪᠠᠶᠢᠪᠠᠯ | ᠴᠢᠨᠠᠭᠰᠢᠯᠠᠨ ︽ ᠬᠦᠴᠦᠷᠬᠡᠭᠯᠡᠯ ᠢᠶᠠᠷ ᠠᠯᠢᠪᠠ ᠶᠢ ᠰᠢᠢᠳᠪᠦᠷᠢᠯᠡᠬᠦ ︾ ᠪᠤᠷᠤᠭᠤ ᠦᠵᠡᠯᠲᠡ ᠲᠠᠢ ᠪᠤᠯᠵᠤ ᠂ ᠲᠡᠭᠦᠨ ᠤ ᠦᠰᠦᠨ ᠪᠤᠶᠢᠵᠢᠯᠲᠠ ᠳᠤ ᠣᠮᠲᠣᠭᠠᠶᠢᠯᠠᠵᠤ | ᠪᠣᠯᠤᠰᠢ ᠥᠬᠡᠶ ᠨᠠᠵᠠᠭᠠᠶ ᠨᠥᠯᠥᠭᠡ ᠦᠵᠡᠭᠦᠯᠵᠦ ᠮᠡᠳᠡᠨ᠎ᠡ ᠃ | ᠡᠴᠢᠭᠡ ᠡᠭᠡ ᠪᠣᠯ ᠬᠡᠦᠬᠡᠳ ᠤᠨ ᠠᠩᠬᠠᠨ ᠤ ᠪᠠᠭᠰᠢ ᠮᠥᠨ ᠂ ᠬᠡᠦᠬᠡᠳ ᠢ ᠬᠥᠲᠥᠯᠥᠨ ᠵᠢᠯᠣᠭᠤᠳᠴᠤ ᠪᠠᠶᠢᠠᠭᠳ ᠮᠡᠳᠡᠯᠭᠡ ᠡᠵᠡᠮᠰᠢᠭᠦᠯᠵᠦ ᠡᠷᠳᠡᠮ | ᠴᠢᠳᠠᠪᠤᠷᠢ ᠶᠢ ᠨᠢ ᠳᠡᠭᠡᠭᠰᠢᠯᠡᠭᠦᠯᠬᠦ ᠪᠠᠷ ᠪᠠᠷᠠᠬᠤ ᠥᠬᠡᠶ ᠂ ᠨᠠᠩ ᠴᠤ ᠬᠡᠦᠬᠡᠳ ᠢ ᠬᠠᠪᠰᠤᠷᠤᠨ ᠰᠠᠶᠢᠨ ᠰᠠᠶᠢᠬᠠᠨ ᠵᠠᠩ ᠮᠣᠷᠠᠯ ᠪᠠ ᠦᠢᠯᠡ ᠠᠵᠢᠯᠯᠠᠭᠠᠨ ᠤ | ᠳᠠᠳᠬᠠᠯ ᠲᠠᠢ ᠪᠣᠯᠭᠠᠬᠤ ᠬᠡᠷᠡᠭᠲᠡᠶ ᠃ ᠭᠡᠪᠡᠴᠦ ᠪᠣᠳᠠᠲᠤ ᠠᠮᠢᠳᠤᠷᠠᠯ ᠲᠤᠮᠳᠠ ᠂ ᠵᠠᠷᠢᠮ ᠡᠴᠢᠭᠡ ᠡᠬᠡ ᠨᠢ ᠰᠤᠷᠤᠯᠭ᠎ᠠ ᠶᠢᠨ ᠬᠢᠷᠢ ᠪᠦᠲᠦᠮᠵᠢ ᠪᠠᠷ ᠴᠣᠷ ᠤᠨᠭᠠᠭᠴᠠ | ᠵᠣᠷᠢᠯᠭ᠎ᠠ ᠪᠣᠯᠭᠠᠵᠤ ᠂ ᠬᠡᠦᠬᠡᠳ ᠤᠨᠡᠷᠡᠭᠦᠯ ᠴᠢᠭᠢᠷᠠᠭ ᠪᠡᠶ᠎ᠡ ᠮᠠᠬᠠᠪᠣᠳ ᠤᠨ ᠰᠡᠳᠬᠢᠴᠡ ᠶᠢᠨ ᠪᠤᠶᠢᠵᠢᠯᠲᠠ ᠶᠢᠨ ᠵᠢᠮ᠎ᠡ ᠶᠣᠰᠣ ᠶᠢ ᠣᠮᠲᠣᠭᠠᠶᠢᠯᠠᠳᠠᠭ ︔ ᠵᠠᠷᠢᠮ | ᠡᠴᠢᠭᠡ ᠡᠬᠡ ᠨᠢ ︽ ᠬᠠᠶᠢᠷ᠎ᠠ ᠶᠢᠨ ᠬᠦᠨ ᠤᠳᠬ᠎ᠠ ᠠᠭᠤᠯᠭ᠎ᠠ ᠂ ᠬᠠᠷᠢᠭᠤᠴᠠᠯᠭ᠎ᠠ ᠶᠢᠨ ᠲᠤᠯᠭᠠᠮ᠎ᠠ ᠱᠠᠭᠠᠷᠳᠠᠯᠭ᠎ᠠ ︾ ᠶᠢ ᠥᠷᠥᠭᠡᠰᠦᠭᠡᠯ ᠢᠶᠠᠷ ᠣᠶᠢᠯᠠᠭᠠᠵᠤ ᠂ | ᠬᠠᠯᠲᠤᠰᠬᠢᠪᠡᠯ ᠵᠣᠳᠣᠵᠤ ᠬᠠᠷᠢᠶᠠᠬᠤ ᠬᠡᠯᠪᠡᠷᠢ ᠪᠠᠷ ᠬᠡᠦᠬᠡᠳ ᠢ ᠬᠠᠮᠢᠶᠠᠷᠴᠤ ᠰᠤᠷᠭᠠᠳᠠᠭ ︔ ᠵᠠᠷᠢᠮ ᠡᠴᠢᠭᠡ ᠡᠬᠡ ᠨᠢ ᠬᠡᠦᠬᠡᠳ ᠤᠨ ᠢᠶᠠᠨ ᠦᠨᠡᠨᠪᠣᠳᠠᠲᠠᠢ ᠬᠦᠰᠡᠯ | ᠰᠠᠨᠠᠭ᠎ᠠ ᠶᠢ ᠪᠣᠳᠣᠯᠬᠢᠯᠠᠬᠤ ᠦᠭᠡᠢ ᠪᠠᠷ ᠥᠪᠡᠷ ᠤᠨ ᠰᠤᠷᠭᠠᠨ ᠬᠥᠮᠦᠵᠢᠭᠦᠯᠬᠦ ᠣᠶᠢᠯᠠᠭᠠᠭᠳᠠᠬᠤᠨ ᠪᠠ ᠰᠤᠷᠭᠠᠨ ᠬᠥᠮᠦᠵᠢᠭᠦᠯᠬᠦ ᠠᠷᠭ᠎ᠠ ᠮᠠᠶ᠋ᠢᠭ ᠢᠶᠠᠨ ᠠᠯᠪᠠ ᠪᠠᠷ | ᠬᠡᠷᠡᠭᠵᠢᠭᠦᠯᠵᠦ ᠪᠠᠶᠢᠳᠠᠭ ︔ ᠪᠠᠰᠠ ᠵᠠᠷᠢᠮ ᠡᠴᠢᠭᠡ ᠡᠬᠡ ᠨᠢ ᠠᠵᠢᠯ ᠠᠮᠢᠳᠤᠷᠠᠯ ᠤᠨ ᠳᠤᠮᠳᠠ ᠬᠤᠷᠠᠮᠳᠤᠭᠰᠠᠨ ᠳᠠᠷᠤᠯᠲᠠ ᠪᠠ ᠨᠠᠵᠠᠭᠠᠶ ᠰᠡᠳᠬᠢᠯᠭᠡ ᠪᠠᠨ ᠥᠪᠡᠷ ᠤᠨ | ᠡᠷᠬᠡ ᠥᠬᠡᠶ ᠬᠡᠦᠬᠡᠳ ᠤᠨ ᠢᠶᠠᠨ ᠪᠡᠶ᠎ᠡ ᠳᠡᠭᠡᠷ᠎ᠡ ᠭᠠᠷᠭᠠᠳᠠᠭ ᠃ ᠡᠲᠡᠭᠡᠷ ᠪᠡᠶ᠎ᠡ ᠮᠠᠬᠠᠪᠣᠳ ᠣᠶᠤᠨ ᠰᠠᠨᠠᠭᠠᠨ ᠤ ᠬᠠᠯᠳᠠᠯᠭ᠎ᠠ ᠶᠢᠨ ᠠᠵᠢᠯᠯᠠᠭ᠎ᠠ ᠨᠢ ᠨᠠᠰᠤᠨ ᠳᠤ ᠥᠯᠥ | ᠭᠦᠷᠦᠭᠰᠡᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠬᠦᠨᠳᠦ ᠬᠡᠴᠡᠭᠦᠦ ᠨᠥᠯᠥᠭᠡᠯᠡᠵᠦ ᠪᠠᠶᠢᠨ᠎ᠠ ᠃ | | |