| ᠰᠤᠷᠭᠠᠨ ᠬᠥᠮᠦᠵᠢᠯ ᠤᠨ ᠶᠠᠮᠤᠨ ᠤ ᠬᠢᠨ ᠭᠠᠵᠠᠷ ᠣᠷᠣᠨ ᠤ ᠪᠠᠨ ᠣᠨᠴᠠᠯᠢᠭ ᠲᠤ ᠲᠣᠬᠢᠷᠠᠭᠤᠯᠵᠤ ᠰᠤᠷᠤᠬᠴᠢᠳ ᠤᠨ ᠦᠳᠡ ᠶᠢᠨ ᠤᠨᠲᠠᠯᠭ᠎ᠠ ᠶᠢᠨ ᠨᠥᠬᠦᠴᠡᠯ ᠢ | ᠪᠦᠷᠢᠳᠦᠭᠦᠯᠵᠦ ᠥᠭᠬᠦ ᠲᠤᠬᠠᠢ ᠴᠢᠩᠭᠠᠳᠬᠠᠭᠰᠠᠨ ᠢᠶᠠᠷ ᠂ ᠤᠯᠠᠨ ᠭᠠᠵᠠᠷ ᠤᠨ ᠪᠠᠭ᠎ᠠ ᠰᠤᠷᠭᠠᠭᠤᠯᠢ ᠶᠢᠨ ᠬᠢᠨ ᠰᠤᠷᠭᠠᠭᠤᠯᠢ ᠶᠢᠨ ᠬᠦᠷᠢᠶᠡᠨ ᠳᠡᠭᠡᠨ ᠦᠳᠡ ᠶᠢᠨ | ᠤᠨᠲᠠᠯᠭ᠎ᠠ ᠠᠪᠬᠤ ᠵᠠᠭᠪᠤᠷ ᠢ ᠨᠡᠭᠡᠭᠡᠵᠡᠢ ᠃ | ᠠᠳᠡ ᠪᠢᠳᠡ ᠡᠯ᠎ᠡ ᠭᠠᠵᠠᠷ ᠤᠨ ᠤᠷᠠᠨ ᠠᠷᠭ᠎ᠠ ᠨᠤᠭᠤᠳ ᠢ ᠦᠵᠡᠵᠡᠭᠡᠶ᠎ᠡ ᠄ | ᠹᠦᠵᠢᠶᠠᠨ ᠤ ᠴᠢᠤᠸᠠᠨ ᠵᠧᠦ | ᠹᠦᠵᠢᠶᠠᠨ ᠤ ᠴᠢᠤᠸᠠᠨ ᠵᠧᠦ ᠳᠤ ᠵᠠᠷᠢᠮ ᠪᠠᠭ᠎ᠠ ᠰᠤᠷᠭᠠᠭᠤᠯᠢ ᠶᠢᠨ ᠬᠢᠨ ᠡᠨᠡ ᠵᠢᠯ ᠠᠴᠠ ᠡᠬᠢᠯᠡᠨ ᠬᠡᠪᠲᠡᠵᠦ ᠪᠤᠯᠬᠤ ᠰᠢᠷᠡᠭᠡ ᠰᠠᠨᠳᠠᠯᠢ ᠶᠢ ᠲᠤᠷᠰᠢᠨ ᠬᠡᠷᠡᠭᠯᠡᠵᠡᠢ ᠃ | ᠰᠠᠨᠳᠠᠯᠢ ᠳᠡᠭᠡᠷᠡᠬᠢ ᠡᠷᠭᠢᠭᠦᠯᠭᠡᠨ ᠲᠣᠪᠴᠢ ᠶᠢ ᠡᠷᠭᠢᠭᠦᠯᠪᠡᠯ ᠂ ᠰᠢᠷᠡᠭᠡ ᠰᠠᠨᠳᠠᠯᠢ ᠨᠢ ᠳᠣᠣᠷ᠎ᠠ ᠪᠠᠨ ︽ ᠦᠳᠡ ᠶᠢᠨ ᠤᠨᠲᠠᠯᠭ᠎ᠠ ᠶᠢᠨ ᠣᠷᠣ ︾ ᠪᠣᠯᠴᠢᠬᠠᠳᠠᠭ ᠃ ᠡᠨᠡ | ᠬᠦ ᠰᠢᠷᠡᠭᠡ ᠰᠠᠨᠳᠠᠯᠢ ᠨᠢ ᠬᠡᠦᠬᠡᠳ ᠤᠨ ᠪᠡᠶ᠎ᠡ ᠶᠢᠨ ᠥᠨᠳᠥᠷ ᠂ ᠪᠡᠶ᠎ᠡ ᠶᠢᠨ ᠬᠦᠨᠳᠦ ᠵᠡᠷᠭᠡ ᠶᠢ ᠦᠨᠳᠦᠰᠦᠯᠡᠨ ᠨᠠᠯᠠᠤᠴᠠ ᠶᠢ ᠨᠢ ᠠᠮᠢᠳᠤᠯᠢᠭ ᠲᠣᠬᠢᠷᠠᠭᠤᠯᠵᠤ | ᠪᠤᠯᠳᠠᠭ ᠠᠴᠠ ᠰᠤᠷᠤᠬᠴᠢᠳ ᠤᠨ ᠠᠮᠠᠷᠠᠬᠤ ᠳᠤ ᠨᠡᠩ ᠲᠣᠬᠢᠷᠠᠮᠵᠢᠲᠠᠢ ᠶᠤᠮ ᠃ | ᠾᠧᠨᠠᠨ ᠤ ᠵᠧᠩᠵᠧᠦ | ᠵᠧᠩᠳᠦ᠋ᠩ ᠰᠢᠨ᠎ᠡ ᠲᠣᠭᠤᠷᠢᠭ ᠤᠨ ᠯᠦᠩ ᠲᠧᠩ ᠪᠠᠭ᠎ᠠ ᠰᠤᠷᠭᠠᠭᠤᠯᠢ ᠨᠢ 2020 ᠣᠨ ᠠᠴᠠ ᠠᠰᠢᠭᠯᠠᠯᠲᠠ ᠳᠤ ᠣᠷᠣᠭᠰᠠᠨ ᠪᠣᠯᠬᠤᠷ ᠣᠳᠣᠬᠠᠨ ᠳᠠᠭᠠᠨ | ᠳᠥᠷᠪᠡᠳᠦᠭᠡᠷ ᠣᠨ ᠬᠦᠷᠲᠡᠯᠡᠬᠢ ᠰᠤᠷᠤᠬᠴᠢ ᠲᠠᠢ ᠶᠤᠮ ᠃ ᠡᠶᠢᠮᠦ ᠠᠴᠠ ᠢᠯᠡᠭᠦᠦ ᠭᠠᠷᠴᠤ ᠪᠠᠶᠢᠭ᠎ᠠ ᠲᠠᠪᠤ ᠂ ᠵᠢᠷᠭᠤᠳᠤᠭᠠᠷ ᠣᠨ ᠤ ᠬᠢᠴᠢᠶᠡᠯ ᠤᠨ ᠭᠡᠷ ᠢᠶᠠᠨ | ᠦᠳᠡ ᠶᠢᠨ ᠤᠨᠲᠠᠯᠭ᠎ᠠ ᠶᠢᠨ ᠭᠠᠵᠠᠷ ᠪᠤᠯᠭᠠᠵᠤ ᠂ ᠨᠢᠭᠡᠳᠦᠯᠲᠡᠢ ᠪᠠᠷ ᠴᠢᠭᠢᠭ ᠰᠡᠷᠭᠡᠶᠢᠯᠡᠬᠦ ᠳᠡᠪᠢᠰᠬᠡᠷ ᠂ ᠭᠦᠨᠵᠢᠯᠡ ᠂ ᠳᠡᠷᠡ ᠵᠡᠷᠭᠡ ᠶᠢ ᠪᠡᠯᠡᠳᠬᠡᠨ ᠥᠭᠴᠦ ᠂ | ᠰᠤᠷᠤᠬᠴᠢᠳ ᠢᠶᠠᠨ ᠤᠨᠲᠠᠭᠤᠯᠵᠤ ᠠᠮᠠᠷᠠᠭᠤᠯᠵᠤ ᠪᠠᠶᠢᠨ᠎ᠠ ᠡᠭᠦᠨ ᠠᠴᠠ ᠭᠠᠳᠠᠨ᠎ᠠ ᠣᠨ ᠪᠦᠷᠢ ᠳᠤ ᠬᠤᠶᠠᠷ ᠪᠠᠭᠰᠢ ᠲᠣᠬᠢᠷᠠᠭᠤᠯᠤᠨ ᠬᠠᠷᠠᠭᠠᠯᠵᠠᠭᠤᠯᠵᠤ ᠪᠤᠢ ᠃ | ᠣᠳᠣᠬᠠᠨ ᠳᠤ ᠵᠧᠩᠳᠦ᠋ᠩ ᠰᠢᠨ᠎ᠡ ᠲᠣᠭᠤᠷᠢᠭ ᠤᠨ 18 ᠰᠤᠷᠭᠠᠭᠤᠯᠢ ᠨᠢ ᠰᠤᠷᠤᠬᠴᠢᠳ ᠤᠨ ᠦᠳᠡ ᠶᠢᠨ ᠤᠨᠲᠠᠯᠭ᠎ᠠ ᠶᠢᠨ ︽ ᠬᠡᠪᠲᠡᠵᠦ ᠠᠮᠠᠷᠠᠬᠤ ︾ ᠨᠥᠬᠦᠴᠡᠯ ᠢ | ᠪᠦᠷᠢᠳᠦᠭᠦᠯᠵᠡᠢ ᠃ ᠬᠠᠭᠤᠴᠢᠨ ᠲᠣᠭᠤᠷᠢᠭ ᠤᠨ ᠬᠡᠰᠡᠭ ᠰᠤᠷᠭᠠᠭᠤᠯᠢ ᠨᠢ ᠰᠤᠷᠤᠬᠴᠢᠳ ᠤᠨ ᠬᠡᠪᠲᠡᠵᠦ ᠠᠮᠠᠷᠠᠬᠤ ᠨᠥᠬᠦᠴᠡᠯ ᠢ ᠪᠦᠷᠢᠮᠦᠰᠦᠨ ᠪᠦᠷᠢᠳᠦᠭᠦᠯᠵᠦ | ᠳᠡᠶᠢᠯᠦᠭᠡ ᠦᠭᠡᠢ ᠴᠤ ᠭᠠᠵᠠᠷ ᠣᠷᠣᠨ ᠤ ᠣᠨᠴᠠᠯᠢᠭ ᠲᠠᠭᠠᠨ ᠲᠣᠬᠢᠷᠠᠭᠤᠯᠤᠨ ᠂ ᠰᠤᠷᠤᠬᠴᠢᠳ ᠤᠨ ᠤᠨᠲᠠᠯᠭ᠎ᠠ ᠶᠢᠨ ᠳᠦᠷᠢᠮ ᠤᠨ ᠬᠠᠮᠢᠶᠠᠷᠤᠯᠲᠠ ᠶᠢ | ᠴᠢᠩᠭᠠᠳᠬᠠᠵᠠᠢ ᠃ | ᠬᠤᠨᠠᠨ ᠤ ᠵᠦᠵᠸᠦ | ᠬᠡᠪᠲᠡᠵᠦ ᠠᠮᠠᠷᠠᠬᠤ ᠦᠳᠡ ᠶᠢᠨ ᠠᠮᠠᠷᠠᠯᠲᠠ ᠶᠢ ᠬᠤᠲᠠ ᠭᠠᠵᠠᠷ ᠤᠨ ᠰᠤᠷᠭᠠᠭᠤᠯᠢ ᠨᠤᠭᠤᠳ ᠲᠤ ᠯᠡ ᠲᠡᠳᠦᠢ ᠪᠢᠰᠢ ᠂ ᠬᠥᠳᠡᠭᠡ ᠲᠤᠰᠬᠤᠨ ᠤ ᠵᠠᠷᠢᠮ | ᠰᠤᠷᠭᠠᠭᠤᠯᠢ ᠴᠤ ᠡᠬᠢᠯᠡᠨ ᠪᠦᠷᠢᠳᠦᠭᠦᠯᠵᠦ ᠪᠠᠶᠢᠨ᠎ᠠ ᠃ | ᠬᠤᠨᠠᠨ ᠤ ᠵᠦᠵᠸᠦ ᠶᠢᠨ ᠯᠢᠯᠢᠩ ᠳᠤ ᠴᠠᠱᠠᠨ ᠪᠠᠯᠭᠠᠰᠤᠨ ᠤ ᠮᠧᠢ ᠰᠢᠶᠠ ᠪᠦᠷᠢᠨ ᠪᠠᠭ᠎ᠠ ᠰᠤᠷᠭᠠᠭᠤᠯᠢ ᠶᠢᠨ ᠰᠤᠷᠤᠬᠴᠢᠳ ᠬᠥᠮᠥᠨ ᠪᠦᠷᠢ ᠨᠢᠭᠡ ᠬᠡᠪᠲᠡᠵᠦ | ᠪᠤᠯᠬᠤ ᠡᠪᠬᠡᠳᠡᠭ ᠣᠷᠣ ᠲᠠᠢ ᠪᠠᠶᠢᠵᠤ ᠂ ᠦᠳᠡ ᠶᠢᠨ ᠠᠮᠠᠷᠠᠯᠲᠠ ᠳᠤ ᠥᠬᠢᠨ ᠰᠤᠷᠤᠬᠴᠢᠳ ᠲᠤᠰᠠᠭᠠᠷ ᠨᠢᠭᠡᠨ ᠬᠢᠴᠢᠶᠡᠯ ᠤᠨ ᠭᠡᠷ ᠲᠤ ᠲᠥᠪᠯᠡᠷᠡᠨ ᠠᠮᠠᠷᠠᠵᠤ ᠂ ᠬᠦᠦ | ᠰᠤᠷᠤᠬᠴᠢᠳ ᠥᠪᠡᠷ ᠥᠪᠡᠷ ᠤᠨ ᠬᠢᠴᠢᠶᠡᠯ ᠤᠨ ᠭᠡᠷ ᠤᠨ ᠢᠶᠠᠨ ᠬᠤᠭᠤᠰᠤᠨ ᠭᠠᠵᠠᠷ ᠲᠤ ᠣᠷᠣ ᠪᠠᠨ ᠳᠡᠯᠭᠡᠨ ᠠᠮᠠᠷᠠᠳᠠᠭ ᠃ ᠡᠳᠦᠷ ᠪᠦᠷᠢ ᠪᠠᠭ᠎ᠠ ᠳᠠᠭᠠᠨ 40 | ᠮᠢᠨᠦ᠋ᠲ ᠠᠮᠠᠷᠠᠬᠤ ᠶᠢ ᠪᠠᠲᠤᠯᠠᠵᠤ ᠪᠠᠶᠢᠨ᠎ᠠ ᠃ | ᠡᠨᠡ ᠵᠢᠯ ᠤᠨ 5 ᠰᠠᠷ᠎ᠠ ᠠᠴᠠ ᠡᠬᠢᠯᠡᠨ ᠮᠧᠢ ᠰᠢᠶᠠ ᠪᠦᠷᠢᠨ ᠪᠠᠭ᠎ᠠ ᠰᠤᠷᠭᠠᠭᠤᠯᠢ ᠶᠢᠨ ᠬᠢᠨ ᠱᠠᠯᠠᠨ ᠳᠡᠭᠡᠷ᠎ᠡ ᠪᠠᠨ ᠴᠢᠭᠢᠭ ᠰᠡᠷᠭᠡᠶᠢᠯᠡᠬᠦ ᠳᠡᠪᠢᠰᠬᠡᠷ ᠪᠠ | ᠬᠥᠭᠡᠰᠦᠷᠬᠡᠭ ᠳᠡᠪᠢᠰᠬᠡᠷ ᠳᠡᠪᠢᠰᠴᠦ ᠰᠤᠷᠤᠬᠴᠢᠳ ᠢᠶᠠᠨ ᠤᠨᠲᠠᠭᠤᠯᠵᠤ ᠠᠮᠠᠷᠠᠭᠤᠯᠬᠤ ᠵᠠᠭᠪᠤᠷ ᠢ ᠲᠤᠷᠰᠢᠵᠠᠢ ᠃ ᠰᠢᠨ᠎ᠡ ᠰᠤᠷᠤᠯᠭ᠎ᠠ ᠶᠢᠨ ᠬᠤᠭᠤᠴᠠᠭ᠎ᠠ | ᠡᠬᠢᠯᠡᠭᠰᠡᠨ ᠤ ᠳᠠᠷᠠᠭ᠎ᠠ ᠴᠠᠩᠱᠠ ᠶᠢᠨ ᠨᠢᠭᠡᠨ ᠨᠡᠶᠢᠲᠡ ᠶᠢᠨ ᠠᠰᠠᠷᠠᠮᠵᠢ ᠶᠢᠨ ᠪᠠᠶᠢᠭᠤᠯᠤᠮᠵᠢ ᠠᠴᠠ 130 ᠡᠪᠬᠡᠳᠡᠭ ᠣᠷᠣ ᠬᠠᠨᠳᠢᠪᠯᠡᠭ᠌ᠰᠠᠨ ᠠᠴᠠ ᠰᠤᠷᠤᠬᠴᠢᠳ ︽ | ᠰᠢᠷᠡᠭᠡ ᠪᠠᠨ ᠡᠯᠢᠭᠡᠳᠡᠨ ᠤᠨᠲᠠᠬᠤ ︾ ︽ ᠭᠠᠵᠠᠷ ᠣᠷᠣ ᠳᠡᠭᠡᠷ᠎ᠡ ᠤᠨᠲᠠᠳᠠᠭ ︾ ᠠᠴᠠ ᠪᠠᠨ ︽ ᠬᠡᠪᠲᠡᠵᠦ ᠤᠨᠲᠠᠬᠤ ︾ ᠪᠣᠯᠤᠭᠰᠠᠨ ᠪᠠᠶᠢᠨ᠎ᠠ ᠃ | ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠦᠳᠡ ᠶᠢᠨ ᠤᠨᠲᠠᠯᠭ᠎ᠠ ᠶᠠᠭᠠᠬᠢᠭᠠᠳ ᠴᠢᠬᠤᠯᠠ ᠪᠠᠶᠢᠳᠠᠭ ᠪᠤᠢ ︖ | ᠡᠨᠡ ᠵᠢᠯ ᠤᠨ 6 ᠰᠠᠷ᠎ᠠ ᠳᠤ ︽ ᠴᠢᠨᠠᠷ ᠰᠠᠶᠢᠲᠠᠢ ᠪᠥᠭᠡᠳ ᠲᠡᠩᠴᠡᠭᠦᠷᠢᠲᠡᠢ ᠦᠨᠳᠦᠰᠦᠨ ᠣᠯᠠᠨ ᠨᠡᠶᠢᠲᠡ ᠶᠢᠨ ᠰᠤᠷᠭᠠᠨ ᠬᠥᠮᠦᠵᠢᠯ ᠤᠨ ᠦᠢᠯᠡᠴᠢᠯᠡᠭᠡᠨ ᠤ | ᠰᠢᠰᠲ᠋ᠧᠮ ᠢ ᠪᠠᠶᠢᠭᠤᠯᠬᠤ ᠲᠤᠬᠠᠢ ᠰᠠᠨᠠᠯ ︾ ᠢ ᠨᠡᠶᠢᠲᠡᠯᠡᠵᠦ ᠂ ᠡᠯ᠎ᠡ ᠭᠠᠵᠠᠷ ᠣᠷᠣᠨ ᠤ ᠬᠢᠨ ᠰᠤᠷᠭᠠᠭᠤᠯᠢ ᠶᠢᠨ ᠪᠠᠶᠢᠭᠤᠯᠤᠯᠲᠠ ᠶᠢᠨ ᠪᠠᠷᠢᠮᠵᠢᠶᠠᠵᠢᠭᠤᠯᠤᠯᠲᠠ ᠶᠢ | ᠠᠬᠢᠭᠤᠯᠬᠤ ᠶᠢᠨ ᠬᠠᠮᠲᠤ ᠂ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠰᠤᠷᠭᠠᠭᠤᠯᠢ ᠶᠢᠨ ᠬᠢᠴᠢᠶᠡᠯ ᠤᠨ ᠭᠡᠷ ᠤᠨ ᠰᠤᠷᠤᠯᠴᠠᠬᠤ ᠠᠵᠢᠯᠯᠠᠭᠠᠨ ᠤ ᠣᠷᠣᠨ ᠵᠠᠢ ᠪᠠ | ᠪᠡᠶ᠎ᠡ ᠶᠢᠨ ᠲᠠᠮᠢᠷ ᠤᠨ ᠬᠥᠳᠡᠯᠭᠡᠭᠡᠨ ᠤ ᠲᠠᠯᠠᠪᠤᠷ ᠢ ᠵᠣᠬᠢᠰᠲᠠᠢ ᠥᠷᠭᠡᠳᠬᠡᠬᠦ ᠶᠢ ᠳᠡᠮᠵᠢᠵᠦ ᠂ ᠪᠠᠶᠢᠷᠢ ᠳᠤ ᠰᠠᠭᠤᠬᠤ ᠳᠦᠷᠢᠮᠲᠦ ᠪᠤᠰᠤ ᠰᠤᠷᠭᠠᠭᠤᠯᠢ ᠳᠤ | ᠰᠤᠷᠤᠬᠴᠢᠳ ᠤᠨ ᠬᠤᠭᠤᠯᠠ ᠢᠳᠡᠬᠦ ᠪᠠ ᠦᠳᠡ ᠶᠢᠨ ᠠᠮᠠᠷᠠᠯᠲᠠ ᠶᠢᠨ ᠨᠥᠬᠦᠴᠡᠯ ᠬᠠᠩᠭᠠᠪᠠᠯ ᠵᠣᠬᠢᠨ᠎ᠠ ᠭᠡᠵᠦ ᠲᠣᠳᠣᠷᠬᠠᠢ ᠳᠤᠷᠠᠳᠤᠨ ᠭᠠᠷᠭᠠᠵᠠᠢ ᠃ | ᠰᠤᠷᠭᠠᠨ ᠬᠥᠮᠦᠵᠢᠯ ᠤᠨ ᠶᠠᠮᠤᠨ ᠤ ︽ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠤᠨᠲᠠᠯᠭ᠎ᠠ ᠶᠢᠨ ᠬᠠᠮᠢᠶᠠᠷᠤᠯᠲᠠ ᠶᠢᠨ ᠠᠵᠢᠯ ᠢ ᠤᠯᠠᠮ ᠨᠢᠭᠡ | ᠠᠯᠬᠤᠮ ᠴᠢᠩᠭᠠᠳᠬᠠᠬᠤ ᠲᠤᠬᠠᠢ ᠮᠡᠳᠡᠭᠳᠡᠯ ︾ ᠳᠤ ᠪᠠᠰᠠ 3 ᠴᠢᠬᠤᠯᠠ ᠴᠠᠭ ᠢ ᠲᠣᠳᠣᠷᠬᠠᠢ ᠳᠤᠷᠠᠳᠤᠨ ᠭᠠᠷᠭᠠᠵᠠᠢ ᠄ | ᠴᠢᠬᠤᠯᠠ ᠪᠦᠬᠦᠢ ᠤᠨᠲᠠᠬᠤ ᠴᠠᠭ ᠄ ᠰᠤᠷᠤᠬᠴᠢᠳ ᠤᠨ ᠡᠳᠦᠷ ᠪᠦᠷᠢ ᠶᠢᠨ ᠤᠨᠲᠠᠬᠤ ᠴᠠᠭ ᠢ ᠪᠠᠭ᠎ᠠ ᠰᠤᠷᠭᠠᠭᠤᠯᠢ ᠶᠢᠨ ᠰᠤᠷᠤᠬᠴᠢᠳ 10 ᠴᠠᠭ ᠂ ᠠᠩᠬ᠎ᠠ | ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠬᠴᠢᠳ 9 ᠴᠠᠭ ᠂ ᠥᠨᠳᠥᠷ ᠵᠡᠷᠭᠡ ᠶᠢᠨ ᠲᠤᠮᠳᠠᠳᠤ ᠰᠤᠷᠭᠠᠭᠤᠯᠢ ᠶᠢᠨ ᠰᠤᠷᠤᠬᠴᠢᠳ 8 ᠴᠠᠭ ᠲᠤ ᠬᠦᠷᠭᠡᠨ᠎ᠡ ᠃ | ᠰᠤᠷᠭᠠᠭᠤᠯᠢ ᠶᠢᠨ ᠠᠵᠢᠯᠯᠠᠵᠤ ᠠᠮᠠᠷᠠᠬᠤ ᠴᠠᠭ ᠄ ᠪᠠᠭ᠎ᠠ ᠰᠤᠷᠭᠠᠭᠤᠯᠢ ᠶᠢᠨ ᠦᠳᠡ ᠶᠢᠨ ᠡᠮᠦᠨ᠎ᠡ ᠬᠢᠴᠢᠶᠡᠯ ᠡᠬᠢᠯᠡᠬᠦ ᠴᠠᠭ ᠨᠢ ᠶᠡᠷᠦ ᠳᠡᠭᠡᠨ 8:20 ᠠᠴᠠ ᠡᠷᠲᠡ | ᠪᠠᠶᠢᠵᠤ ᠪᠤᠯᠬᠤ ᠦᠭᠡᠢ ᠂ ᠳᠤᠮᠳᠠᠳᠤ ᠰᠤᠷᠭᠠᠭᠤᠯᠢ ᠶᠡᠷᠦ ᠳᠡᠭᠡᠨ 8:00 ᠠᠴᠠ ᠡᠷᠲᠡ ᠪᠠᠶᠢᠵᠤ ᠪᠤᠯᠬᠤ ᠦᠭᠡᠢ ᠃ ᠨᠥᠬᠦᠴᠡᠯ ᠲᠠᠢ ᠪᠣᠯ ᠴᠢᠬᠤᠯᠠ ᠪᠦᠬᠦᠢ | ᠦᠳᠡ ᠶᠢᠨ ᠠᠮᠠᠷᠠᠯᠲᠠ ᠶᠢᠨ ᠴᠠᠭ ᠢ ᠪᠠᠲᠤᠯᠠᠬᠤ ᠬᠡᠷᠡᠭᠲᠡᠢ ᠃ | ᠣᠷᠣᠢ ᠶᠢᠨ ᠤᠨᠲᠠᠯᠭ᠎ᠠ ᠶᠢᠨ ᠴᠠᠭ ᠄ ᠪᠠᠭ᠎ᠠ ᠰᠤᠷᠭᠠᠭᠤᠯᠢ ᠶᠢᠨ ᠰᠤᠷᠤᠬᠴᠢ ᠶᠡᠷᠦ ᠳᠡᠭᠡᠨ 21:20 ᠥᠩᠭᠡᠷᠡᠬᠦ ᠦᠭᠡᠢ ᠂ ᠠᠩᠬ᠎ᠠ ᠵᠡᠷᠭᠡ ᠶᠢᠨ ᠳᠤᠮᠳᠠᠳᠤ | ᠰᠤᠷᠭᠠᠭᠤᠯᠢ ᠶᠢᠨ ᠰᠤᠷᠤᠬᠴᠢ ᠶᠡᠷᠦ ᠳᠡᠭᠡᠨ 22:00 ᠥᠩᠭᠡᠷᠡᠬᠦ ᠦᠭᠡᠢ ᠂ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠬᠴᠢ ᠶᠡᠷᠦ ᠳᠡᠭᠡᠨ 23:00 | ᠥᠩᠭᠡᠷᠡᠬᠦ ᠦᠭᠡᠢ ᠃ | ᠵᠥᠩ ᠨᠠᠨ ᠶᠡᠭᠡ ᠰᠤᠷᠭᠠᠭᠤᠯᠢ ᠶᠢᠨ ᠰᠢᠶᠠᠩ ᠶᠠ ᠡᠮᠨᠡᠯᠭᠡ ᠶᠢᠨ ᠬᠤᠷᠢᠶᠠᠨ ᠤ ᠬᠡᠦᠬᠡᠳ ᠤᠨ ᠠᠨᠠᠭᠠᠬᠤ ᠤᠬᠠᠭᠠᠨ ᠤ ᠲᠥᠪ ᠤᠨ ᠭᠤᠣᠯᠯᠠᠬᠤ ᠡᠮᠴᠢ ᠮᠣᠣ ᠯᠧᠢ | ᠯᠧᠢ ᠢᠯᠡᠷᠬᠡᠶᠢᠯᠡᠬᠦ ᠳᠡᠭᠡᠨ ᠂ ᠰᠢᠷᠡᠭᠡ ᠡᠯᠢᠭᠡᠲᠡᠨ ᠤᠨᠲᠠᠬᠤ ᠨᠢ ᠨᠢᠳᠦ ᠶᠢ ᠳᠠᠷᠤᠬᠤ ᠠᠰᠠᠭᠤᠳᠠᠯ ᠡᠭᠦᠰᠬᠡᠵᠦ ᠂ ᠨᠢᠳᠦᠨ ᠤ ᠳᠠᠷᠤᠯᠲᠠ ᠶᠢ ᠭᠡᠲᠦ ᠥᠨᠳᠥᠷ ᠪᠣᠯᠭᠠᠨ ᠂ | ᠨᠢᠳᠦ ᠶᠢ ᠴᠢᠨᠦᠷᠡᠭᠦᠯᠵᠦ ᠂ ᠴᠢᠨᠠᠭᠰᠢᠯᠠᠪᠠᠯ ᠣᠶᠢᠷ᠎ᠠ ᠬᠠᠷᠠᠭ᠎ᠠ ᠲᠠᠢ ᠪᠤᠯᠭᠠᠵᠤ ᠮᠡᠳᠡᠨ᠎ᠡ ᠭᠡᠵᠡᠢ ᠃ ᠬᠡᠷᠪᠡ ᠡᠯᠢᠭᠡᠲᠡᠨ ᠤᠨᠲᠠᠪᠠᠯ ᠴᠢᠳᠠᠬᠤ ᠶᠢᠨ ᠬᠢᠷᠢ ᠪᠠᠷ ᠨᠢᠳᠦ ᠪᠠᠨ | ᠳᠠᠷᠤᠬᠤ ᠠᠴᠠ ᠵᠠᠶᠢᠯᠠᠰᠬᠢᠪᠡᠯ ᠵᠣᠬᠢᠨ᠎ᠠ ᠂ ᠵᠢᠱᠢᠶᠡᠯᠡᠪᠡᠯ ᠵᠥᠭᠡᠯᠡᠨ ᠳᠡᠷᠡ ᠠᠪᠬᠤ ᠪᠤᠶᠤ ᠲᠣᠯᠣᠭᠠᠢ ᠪᠠᠨ ᠳᠡᠭᠡᠭᠰᠢ ᠡᠷᠭᠦᠵᠦ ᠤᠨᠲᠠᠪᠠᠯ ᠵᠣᠬᠢᠨ᠎ᠠ ᠂ ᠢᠩᠭᠢᠪᠡᠯ ᠪᠠᠰᠠ | ᠲᠣᠯᠣᠭᠠᠢ ᠶᠢᠨ ᠬᠦᠴᠢᠯᠲᠥ᠋ᠷᠥᠭᠴᠢ ᠳᠤᠲᠠᠭᠳᠠᠬᠤ ᠪᠠᠶᠢᠳᠠᠯ ᠢ ᠰᠠᠶᠢᠵᠢᠷᠠᠭᠤᠯᠤᠨ᠎ᠠ ᠭᠡᠵᠡᠢ ᠃ | | | |