| 1. ᠬᠠᠷᠠᠭ᠎ᠠ ᠪᠠᠨ ᠲᠡᠯᠡᠬᠦ ᠲᠤᠬᠠᠢ ᠰᠦᠯᠵᠢᠶᠡᠨ ᠳᠡᠭᠡᠷ᠎ᠡ ᠵᠠᠷᠢᠮ ᠬᠥᠮᠥᠨ ︽ ᠶᠠᠭᠠᠬᠢᠪᠠᠯ ᠰᠠᠶ᠋ᠢ ᠬᠠᠮᠤᠭ ᠤᠨ ᠠᠮᠠᠷᠬᠠᠨ ᠢᠶᠠᠷ ᠶᠢᠷᠲᠢᠨᠴᠦ ᠲᠠᠢ ᠲᠠᠨᠢᠯᠴᠠᠵᠤ | ᠴᠢᠳᠠᠬᠤ ᠪᠤᠢ ︖ ︾ ᠭᠡᠵᠦ ᠠᠰᠠᠭᠤᠬᠤ ᠳᠤ ᠂ ︽ ᠶᠢᠷᠲᠢᠨᠴᠦ ᠲᠠᠢ ᠲᠠᠨᠢᠯᠴᠠᠬᠤ ᠭᠡᠳᠡᠭ ᠨᠢ ᠳᠡᠯᠡᠬᠡᠶ ᠶᠢᠷᠲᠢᠨᠴᠦ ᠳᠤ ᠨᠢᠭᠡ ᠯᠡ ᠲᠠᠯ᠎ᠠ ᠪᠠᠶᠢᠬᠤ ᠪᠢᠰᠢ ᠂ ᠬᠠᠷᠢᠨ | ᠨᠣᠮ ᠪᠢᠴᠢᠭ ᠤᠩᠰᠢᠬᠤ ᠪᠠᠷ ᠳᠠᠮᠵᠢᠨ ᠳᠡᠯᠡᠬᠡᠶ ᠶᠢᠷᠲᠢᠨᠴᠦ ᠶᠢᠨ ᠠᠳᠠᠯᠢ ᠪᠤᠰᠤ ᠲᠠᠯ᠎ᠠ ᠶᠢ ᠬᠠᠮᠤᠭ ᠠᠴᠠ ᠠᠮᠠᠷᠬᠠᠨ ᠣᠯᠵᠤ ᠬᠠᠷᠠᠳᠠᠭ ᠭᠡᠰᠡᠨ ᠢ ᠬᠡᠯᠡᠵᠦ ᠪᠠᠶᠢᠨ᠎ᠠ ︾ | ᠭᠡᠰᠡᠨ ᠬᠠᠷᠢᠭᠤᠯᠲᠠ ᠨᠢ ᠬᠦᠮᠦᠰ ᠤᠨ ᠰᠠᠶᠢᠰᠢᠶᠠᠯ ᠢ ᠣᠯᠣᠭᠰᠠᠨ ᠪᠠᠶᠢᠨ᠎ᠠ ᠃ ᠨᠢᠭᠡᠨ ᠰᠠᠶᠢᠨ ᠨᠣᠮ ᠪᠢᠳᠡᠨ ᠢ ᠳᠠᠭᠠᠭᠤᠯᠤᠨ ᠦᠯᠦ ᠮᠡᠳᠡᠬᠦ ᠶᠢᠷᠲᠢᠨᠴᠦ ᠶᠢ ᠴᠢᠭᠯᠡᠨ᠎ᠡ ᠃ | ᠣᠯᠠᠨ ᠨᠣᠮ ᠤᠩᠰᠢᠪᠠᠯ ᠂ ᠡᠨᠡ ᠶᠢᠷᠲᠢᠨᠴᠦ ᠳᠤ ᠵᠥᠪᠬᠡᠨ ᠨᠢᠭᠡ ᠯᠡ ᠵᠦᠢᠯ ᠤᠨ ᠰᠣᠶᠣᠯ ᠪᠠᠶᠢᠬᠤ ᠪᠢᠰᠢ ᠭᠡᠳᠡᠭ ᠢ ᠮᠡᠳᠡᠵᠤ ᠂ ᠠᠳᠠᠯᠢ ᠪᠤᠰᠤ ᠦᠵᠡᠯᠲᠡ ᠶᠢ | ᠪᠠᠭᠲᠠᠭᠠᠵᠤ ᠳᠡᠶᠢᠯᠬᠦ ᠪᠣᠯᠣᠨ᠎ᠠ ᠂ ᠬᠥᠮᠦᠨ ᠤ ᠠᠮᠢᠳᠤᠷᠠᠯ ᠳᠤ ᠵᠥᠪᠬᠡᠨ ᠨᠢᠭᠡ ᠯᠡ ᠵᠦᠢᠯ ᠤᠨ ᠠᠮᠢᠳᠤᠷᠠᠬᠤ ᠠᠷᠭ᠎ᠠ ᠪᠠᠶᠢᠬᠤ ᠪᠢᠰᠢ ᠭᠡᠳᠡᠭ ᠢ ᠮᠡᠳᠡᠵᠤ ᠂ | ᠪᠤᠰᠤᠳ ᠤᠨ ᠠᠮᠢᠳᠤᠷᠠᠯ ᠳᠤ ᠢᠯᠡᠭᠦᠦ ᠨᠢᠭᠡ ᠬᠤᠪᠢ ᠣᠶᠢᠯᠠᠭᠠᠯᠲᠠ ᠲᠠᠢ ᠪᠣᠯᠳᠠᠭ ᠃ | 2. ᠲᠥᠭᠡᠷᠢᠭᠳᠡᠯ ᠢ ᠲᠠᠶᠢᠯᠬᠤ ᠲᠤᠬᠠᠶ ᠪᠢᠳᠡᠨ ᠤ ᠤᠩᠰᠢᠵᠤ ᠥᠩᠭᠡᠷᠡᠭᠰᠡᠨ ᠨᠣᠮ ᠪᠢᠴᠢᠭ ᠨᠢᠭᠡᠪᠦᠷᠢ ᠴᠥᠮ ᠪᠢᠳᠡᠨ ᠤ ᠦᠵᠡᠯ ᠰᠠᠨᠠᠭᠠᠨ ᠳᠤ ᠬᠦᠴᠦᠨ | ᠬᠤᠷᠠᠮᠳᠤᠭᠤᠯᠵᠤ ᠪᠠᠶᠢᠨ᠎ᠠ ᠃ ᠨᠣᠮ ᠤᠩᠰᠢᠬᠤ ᠪᠠᠷ ᠳᠠᠮᠵᠢᠨ ᠪᠢᠳᠡ ᠬᠥᠮᠦᠨ ᠲᠠᠢ ᠶᠠᠪᠤᠯᠴᠠᠬᠤ ᠤᠶᠤᠨ ᠤᠬᠠᠭᠠᠨ ᠢ ᠣᠯᠵᠤ ᠂ ᠠᠮᠢᠳᠤᠷᠠᠯ ᠢᠶᠠᠨ ᠤᠯᠠᠮ ᠰᠠᠶᠢᠨ | ᠪᠣᠯᠭᠠᠵᠤ ᠴᠢᠳᠠᠨ᠎ᠠ ᠃ ᠠᠮᠢᠳᠤᠷᠠᠯ ᠤᠨ ᠣᠶᠢᠯᠠᠭᠠᠭᠳᠠᠰᠢ ᠦᠭᠡᠢ ᠵᠦᠢᠯ ᠪᠠ ᠰᠡᠵᠢᠭ ᠡᠷᠡᠭᠡᠯᠵᠡᠯ ᠢ ᠪᠦᠷ ᠨᠣᠮ ᠳᠣᠲᠣᠷ᠎ᠠ ᠠᠴᠠ ᠬᠠᠷᠢᠭᠤᠯᠲᠠ ᠣᠯᠳᠠᠭ ᠃ | 3. ᠥᠪᠡᠷ ᠢ ᠪᠠᠨ ᠢᠯᠡᠳᠬᠡᠬᠦ ᠲᠤᠬᠠᠶ ᠨᠣᠮ ᠪᠢᠴᠢᠭ ᠤᠩᠰᠢᠬᠤ ᠪᠠ ᠨᠣᠮ ᠪᠢᠴᠢᠭ ᠤᠩᠰᠢᠬᠤ ᠦᠭᠡᠢ ᠬᠥᠮᠦᠰ ᠤᠨ ᠶᠢᠷᠲᠢᠨᠴᠦ ᠶᠢᠨ ᠲᠤᠬᠠᠶ ᠲᠦᠷᠦᠭᠳᠡᠯ ᠨᠢ | ᠠᠳᠠᠯᠢ ᠦᠭᠡᠢ ᠪᠠᠶᠢᠳᠠᠭ ᠃ ᠬᠡᠳᠦᠶ ᠣᠯᠠᠨ ᠨᠣᠮ ᠤᠩᠰᠢᠪᠠᠯ ᠂ ᠥᠪᠡᠷ ᠤᠨ ᠰᠡᠷᠡᠵᠦ ᠮᠡᠳᠡᠬᠦ ᠪᠠ ᠢᠯᠡᠳᠬᠡᠬᠦ ᠴᠢᠳᠠᠪᠤᠷᠢ ᠪᠠᠨ ᠲᠡᠳᠦᠶ ᠳᠡᠭᠡᠭᠰᠢᠯᠡᠭᠦᠯᠵᠦ ᠲᠠᠶᠢᠯᠤᠨ᠎ᠠ ᠃ | 4. ᠬᠥᠮᠦᠨ ᠤ ᠠᠮᠢᠳᠤᠷᠠᠯ ᠤᠨ ᠲᠤᠬᠠᠶ ᠶᠡᠷᠦ ᠶᠢᠨ ᠦᠭᠡᠨ ᠳᠤ ᠲᠡᠦᠬᠡ ᠤᠩᠰᠢᠬᠤ ᠨᠢ ᠬᠥᠮᠦᠨ ᠢ ᠮᠡᠷᠭᠡᠨ ᠪᠣᠯᠭᠠᠵᠤ ᠂ ᠰᠢᠯᠦᠭ ᠤᠩᠰᠢᠬᠤ ᠨᠢ ᠬᠥᠮᠦᠨ ᠢ | ᠤᠷᠠᠨ ᠭᠤᠶᠣᠮᠰᠤᠭ ᠪᠣᠯᠭᠠᠳᠠᠭ ᠭᠡᠳᠡᠭ ᠃ ᠨᠣᠮ ᠤᠩᠰᠢᠬᠤ ᠶᠢᠨ ᠰᠠᠶᠢᠨ ᠲᠠᠢ ᠲᠠᠯ᠎ᠠ ᠭᠡᠪᠡᠯ ᠂ ᠥᠪᠡᠷ ᠤᠨ ᠪᠡᠶ᠎ᠡ ᠪᠠ ᠶᠢᠷᠲᠢᠨᠴᠦ ᠶᠢᠨ ᠴᠣᠩᠬᠤ ᠶᠢ ᠨᠡᠭᠡᠭᠡᠵᠦ | ᠴᠢᠳᠠᠬᠤ ᠳᠤ ᠣᠷᠣᠰᠢᠨ᠎ᠠ ᠃ ᠨᠣᠮ ᠤᠩᠰᠢᠵᠤ ᠭᠦᠨᠵᠡᠭᠡᠶᠢᠷᠡᠬᠦ ᠶᠢ ᠳᠠᠭᠠᠯᠳᠤᠨ ᠂ ᠨᠡᠶᠢᠭᠡᠮ ᠪᠠ ᠬᠥᠮᠦᠨ ᠤ ᠠᠮᠢᠳᠤᠷᠠᠯ ᠤᠨ ᠲᠤᠬᠠᠶ ᠲᠠᠨᠢᠯᠲᠠ ᠤᠯᠠᠮ ᠭᠦᠨᠵᠡᠭᠡᠶ | ᠪᠣᠯᠵᠤ ᠂ ᠳᠣᠲᠣᠭᠠᠳᠤ ᠰᠡᠳᠬᠢᠯ ᠴᠦ ᠤᠯᠠᠮ ᠪᠠᠲᠤ ᠢᠲᠡᠭᠡᠯ ᠲᠠᠢ ᠪᠣᠯᠬᠤ ᠶᠤᠮ ᠃ ᠣᠯᠠᠨ ᠨᠣᠮ ᠤᠩᠰᠢᠭᠠᠷᠠᠢ ︕ ᠭᠦᠢᠴᠡᠳ ᠠᠷᠪᠢᠨ ᠨᠣᠮ ᠤᠩᠰᠢᠭᠰᠠᠨ | ᠦᠶ᠎ᠡ ᠳᠤ ᠂ ᠠᠮᠢ ᠨᠠᠰᠤᠨ ᠤ ᠬᠢᠵᠠᠭᠠᠷ ᠦᠭᠡᠢ ᠥᠷᠭᠡᠨ ᠠᠭᠤᠳᠠᠮ ᠢ ᠮᠡᠳᠡᠷᠡᠵᠦ ᠂ ᠬᠥᠮᠦᠨ ᠤ ᠠᠮᠢᠳᠤᠷᠠᠯ ᠤᠨ ᠬᠢᠵᠠᠭᠠᠷ ᠦᠭᠡᠢ ᠪᠣᠯᠤᠯᠴᠠᠭ᠎ᠠ ᠶᠢ ᠣᠯᠵᠤ ᠮᠡᠳᠡᠨ᠎ᠡ ᠃ | ᠢᠷᠡᠭᠡᠳᠦᠢ ᠶᠢᠨ ᠵᠠᠮ ᠦᠯᠦ ᠮᠡᠳᠡᠭᠳᠡᠭᠰᠡᠨ ᠴᠤ ᠴᠢ ᠶᠠᠭᠤᠨ ᠠᠴᠠ ᠴᠤ ᠠᠶᠤᠬᠤ ᠦᠭᠡᠢ ᠪᠠᠷ ᠲᠠᠷᠠᠭᠠᠴᠢ ᠶᠢᠨ ᠨᠢᠭᠡᠨ ᠦᠯᠦ ᠮᠡᠳᠡᠬᠦ ᠥᠨᠳᠥᠷ ᠤᠷᠬᠢᠯ ᠳᠤ | ᠮᠠᠴᠤᠵᠤ ᠴᠢᠳᠠᠬᠤ ᠶᠤᠮ ᠃ | | |