ᠠᠯᠪᠠᠨ ᠠᠵᠢᠯ ᠢ ᠬᠠᠷᠰᠢᠯᠠᠪᠠᠯ ᠡᠷᠡᠭᠦᠦ ᠶᠢᠨ ᠬᠡᠷᠡᠭᠲᠡᠨ ᠢᠶᠠᠷ ᠰᠢᠳᠬᠡᠬᠦ ᠲᠤᠬᠠᠢ
ᠨᠡᠶᠢᠲᠡᠯᠡᠭᠰᠡᠨ ᠴᠠᠭ᠄
2023/12/15
︵ ᠬᠡᠷᠡᠭ ᠤᠨ ᠵᠢᠱᠢᠶ᠎ᠡ ︶    ᠨᠢᠭᠡᠨ ᠪᠠᠯᠭᠠᠰᠤᠨ ᠤ ᠵᠠᠰᠠᠭ ᠤᠨ ᠣᠷᠳᠣᠨ ᠭᠠᠵᠠᠷ ᠰᠢᠷᠣᠢ ᠶᠢ ᠲᠠᠲᠠᠪᠤᠷᠢᠯᠠᠭᠰᠠᠨ ᠭᠠᠷ ᠭᠦᠢᠴᠡᠳᠬᠡᠯ ᠢ ᠬᠢᠵᠦ ᠪᠠᠷᠠᠭᠰᠠᠨ ᠤ ᠳᠠᠷᠠᠭ᠎ᠠ ᠬᠠᠤᠯᠢ ᠶᠣᠰᠣᠭᠠᠷ ᠬᠤᠯᠪᠣᠭᠳᠠᠯ ᠪᠦᠬᠦᠢ ᠪᠠᠶᠢᠭᠤᠯᠭ᠎ᠠ ᠨᠢᠭᠡᠴᠡ ᠶᠢ ᠵᠣᠬᠢᠶᠠᠨ ᠪᠠᠶᠢᠭᠤᠯᠵᠤ ᠂ ᠨᠢᠭᠡᠨ ᠲᠣᠰᠬᠤᠨ ᠢ ᠨᠢᠭᠡᠨᠲᠡ ᠲᠠᠲᠠᠪᠤᠷᠢᠯᠠᠭᠰᠠᠨ ᠭᠠᠵᠠᠷ ᠲᠠᠬᠢ ᠳᠥᠷᠢᠮ ᠠᠴᠠ ᠵᠥᠷᠢᠴᠡᠨ ᠪᠠᠷᠢᠭᠰᠠᠨ ᠪᠠᠷᠢᠯᠭ᠎ᠠ ᠶᠢ ᠲᠦᠯᠬᠢᠵᠦ ᠳᠡᠭᠰᠢᠯᠡᠬᠦ ᠳᠤ ᠲᠣᠰᠬᠤᠨ ᠤ ᠨᠢᠭᠡ ᠪᠦᠯᠦᠭ ᠠᠷᠠᠳ ᠠᠴᠠ ᠨᠥᠬᠦᠪᠦᠷᠢ ᠮᠥᠩᠭᠦ ᠬᠡᠲᠦᠷᠡᠬᠡᠢ ᠳᠤᠤᠷ᠎ᠠ ᠥᠭᠭᠦᠯ᠎ᠡ ᠭᠡᠵᠦ ᠡᠰᠡᠷᠭᠦᠴᠡᠯ ᠲᠠᠯᠪᠢᠪᠠ ᠃ ᠣᠨᠴᠣᠭᠠᠢ ᠵᠠᠷᠢᠮ ᠨᠢ ᠬᠥᠮᠥᠨ ᠤ ᠥᠲᠥᠭᠡᠯᠭᠡ ᠳᠤ ᠣᠷᠣᠵᠤ ᠪᠠᠯᠮᠠᠳ ᠬᠡᠷᠴᠡᠭᠡᠢ ᠪᠠᠷ ᠬᠠᠤᠯᠢ ᠬᠡᠷᠡᠭᠵᠢᠭᠦᠯᠦᠭᠰᠡᠳ ᠢ ᠴᠣᠬᠢᠵᠤ ᠂ ᠬᠡᠳᠦ ᠬᠡᠳᠦᠨ ᠲᠡᠷᠭᠡ ᠶᠢ ᠲᠦᠯᠬᠢᠨ ᠣᠩᠭᠤᠯᠠᠵᠤ ᠬᠦᠴᠦᠷᠬᠡᠭᠯᠡᠯ ᠢ ᠰᠡᠷᠬᠡᠶᠢᠯᠡᠬᠦ ᠲᠣᠨᠤᠭ ᠲᠥᠬᠦᠭᠡᠷᠦᠮᠵᠢ ᠂ ᠵᠡᠷ ᠵᠡᠪᠰᠡᠭ ᠢ ᠪᠤᠯᠢᠶᠠᠨ ᠠᠪᠴᠤ ᠲᠣᠲᠤᠭᠠᠳᠤ ᠶᠢ ᠬᠠᠮᠠᠭᠠᠯᠠᠬᠤ ᠴᠠᠭᠳᠠᠭ᠎ᠠ ᠶᠢ ᠪᠠᠷᠢᠪᠴᠢᠯᠠᠨ ᠪᠠᠮᠪᠠᠢ ᠪᠣᠯᠭᠠᠪᠠ ᠃ ᠭᠡᠪᠡᠴᠦ ᠬᠠᠮᠤᠭ ᠤᠨ ᠡᠴᠦᠰ ᠲᠡᠭᠡᠨ ᠬᠡᠷᠡᠭ ᠥᠲᠥᠭᠡᠨ ᠤᠷᠰᠢᠭ ᠲᠠᠲᠠᠭᠴᠢᠳ ᠣᠯᠪᠠᠰᠤ ᠵᠣᠬᠢᠬᠤ ᠰᠢᠳᠬᠡᠯ ᠣᠯᠵᠤ ᠲᠡᠳᠡᠭᠡᠷ ᠤᠨ ᠳᠣᠲᠤᠷ᠎ᠠ ᠠᠴᠠ 6 ᠬᠥᠮᠥᠨ ᠢ ᠠᠯᠪᠠᠨ ᠠᠵᠢᠯ ᠢ ᠬᠠᠷᠰᠢᠯᠠᠭᠰᠠᠨ ᠡᠷᠡᠭᠦᠦ ᠶᠢᠨ ᠬᠡᠷᠡᠭᠲᠡᠨ ᠢᠶᠠᠷ ᠪᠠᠷᠢᠪᠴᠢᠯᠠᠭᠳᠠᠵᠤ ᠂ ᠬᠤᠭᠤᠴᠠᠭ᠎ᠠ  ᠲᠠᠢ ᠬᠤᠷᠢᠬᠤ ᠪᠠᠷ ᠰᠢᠳᠬᠡᠭᠳᠡᠪᠡ ᠃ ︵ ᠬᠡᠷᠡᠭ ᠤᠨ ᠳᠠᠰᠤᠯᠤᠯᠲᠠ ᠶᠢ ᠵᠠᠳᠠᠯᠠᠬᠤ ᠨᠢ ︶    ᠲᠤᠰ ᠬᠡᠷᠡᠭ ᠲᠤ ᠲᠣᠰᠬᠤᠨ ᠤ ᠬᠡᠰᠡᠭ ᠠᠷᠠᠳ ᠭᠠᠵᠠᠷ ᠲᠠᠲᠠᠪᠤᠷᠢᠯᠠᠭᠰᠠᠨ ᠨᠥᠬᠦᠪᠦᠷᠢ ᠮᠥᠩᠭᠦ ᠬᠡᠲᠡᠷᠡᠬᠡᠢ ᠳᠤᠤᠷ᠎ᠠ ᠥᠭᠭᠦᠯ᠎ᠡ ᠭᠡᠵᠦ ᠂ ᠬᠠᠤᠯᠢ ᠳᠦᠷᠢᠮ ᠤᠨ ᠵᠠᠮ ᠮᠥᠷ ᠢᠶᠠᠷ ᠳᠠᠮᠵᠢᠨ ᠰᠢᠢᠳᠪᠦᠷᠢᠯᠡᠬᠦ ᠦᠭᠡᠢ ᠬᠠᠷᠢᠨ ᠬᠦᠴᠦᠷᠬᠡᠭᠯᠡᠯ ᠤᠨ ᠠᠷᠭ᠎ᠠ ᠪᠠᠷᠢᠯ ᠢᠶᠠᠷ ᠵᠠᠰᠠᠭ ᠤᠨ ᠣᠷᠳᠣᠨ ᠲᠠᠢ ᠡᠰᠡᠷᠭᠦᠴᠡᠯᠳᠦᠭᠰᠡᠨ ᠠᠴᠠ ︽ ᠡᠷᠡᠭᠦᠦ ᠶᠢᠨ ᠬᠠᠤᠯᠢ ︾ ᠶᠢᠨ ᠬᠤᠯᠪᠣᠭᠳᠠᠯ ᠪᠦᠬᠦᠢ ᠲᠣᠭᠲᠠᠭᠠᠯ ᠢ ᠵᠥᠷᠢᠴᠡᠵᠦ ᠰᠢᠨᠵᠢ ᠴᠢᠨᠠᠷ ᠨᠢ ᠲᠦᠢᠯ ᠤᠨ ᠬᠦᠨᠳᠦ ᠪᠣᠯᠣᠭᠰᠠᠨ ᠲᠤᠯᠠ ᠬᠠᠤᠯᠢ ᠴᠠᠭᠠᠵᠠ ᠶᠢᠨ ᠰᠢᠳᠬᠡᠯ ᠣᠯᠣᠭᠰᠠᠨ ᠶᠤᠮ ᠃ ︵ ᠬᠠᠤᠯᠢ ᠶᠢᠨ ᠡᠰᠢ ᠪᠠᠷᠢᠮᠲᠠ ︶    ︽ ᠡᠷᠡᠭᠦᠦ ᠶᠢᠨ ᠬᠠᠤᠯᠢ ︾ ᠶᠢᠨ ᠬᠤᠶᠠᠷ ᠵᠠᠭᠤ ᠳᠠᠯᠠᠨ ᠳᠣᠯᠣᠳᠤᠭᠠᠷ ᠵᠤᠷᠪᠤᠰ ᠲᠤ ᠄ ᠲᠥᠷᠥ ᠶᠢᠨ ᠪᠠᠶᠢᠭᠤᠯᠭ᠎ᠠ ᠶᠢᠨ ᠠᠵᠢᠯᠲᠠᠨ ᠤ ᠬᠠᠤᠯᠢ ᠶᠣᠰᠣᠭᠠᠷ ᠡᠭᠦᠷᠭᠡ ᠲᠤᠰᠢᠶᠠᠯ ᠢᠶᠠᠨ ᠭᠦᠢᠴᠡᠳᠬᠡᠬᠦ ᠶᠢ ᠬᠦᠴᠦᠷᠬᠡᠭᠯᠡᠯ ᠂ ᠰᠦᠷᠳᠡᠭᠦᠯᠦᠯ ᠤᠨ ᠠᠷᠭ᠎ᠠ ᠪᠠᠷ ᠬᠠᠷᠰᠢᠯᠠᠭᠰᠠᠨ ᠳᠤ ᠬᠦᠷᠪᠡᠯ ᠂ ᠭᠤᠷᠪᠠᠨ ᠵᠢᠯ ᠠᠴᠠ ᠳᠣᠷᠣᠭᠰᠢ ᠬᠤᠭᠤᠴᠠᠭ᠎ᠠ  ᠲᠠᠢ ᠬᠤᠷᠢᠬᠤ ᠂ ᠬᠤᠷᠢᠵᠤ ᠬᠥᠳᠡᠯᠮᠦᠷᠢᠯᠡᠭᠦᠯᠬᠦ ᠂ ᠵᠠᠬᠢᠷᠤᠨ ᠬᠠᠮᠢᠶᠠᠷᠠᠬᠤ ᠪᠤᠶᠤ ᠵᠣᠭᠤᠰ ᠲᠣᠷᠭᠠᠬᠤ ᠪᠠᠷ ᠰᠢᠳᠬᠡᠨ᠎ᠡ ᠃   
ᠢᠷᠡᠯᠲᠡ᠄ ᠬᠠᠩᠭᠢᠨ ᠬᠤᠰᠢᠭᠤ