| 1. ᠰᠢᠨ᠎ᠡ ᠲᠢᠲᠢᠮᠯᠢᠭ ᠸᠢᠷᠦ᠋ᠰ ᠬᠡᠦᠬᠡᠳ ᠲᠤ ᠬᠠᠯᠳᠠᠪᠤᠷᠢᠯᠠᠪᠠᠯ ᠣᠯᠠᠩᠬᠢ ᠪᠠᠶᠢᠳᠠᠯ ᠳᠤ ᠡᠪᠡᠳᠴᠢᠨ ᠤ ᠢᠯᠡᠷᠡᠯ ᠮᠡᠳᠡᠭᠳᠡᠬᠦ ᠦᠭᠡᠢ ᠪᠣᠯᠬᠤᠷ ᠡᠮ ᠳᠠᠩ | ᠤᠤᠭᠤᠯᠭᠠᠬᠤ ᠬᠡᠷᠡᠭ ᠦᠭᠡᠢ ᠃ | 2. ᠭᠡᠷ ᠵᠠᠭᠤᠷ᠎ᠠ ᠶᠢᠨ ᠠᠷᠢᠭᠤᠳᠬᠠᠯ ᠢ ᠰᠠᠶᠢᠲᠤᠷ ᠬᠢᠵᠦ ᠂ ᠲᠤᠰᠠᠭᠠᠷᠯᠠᠬᠤ ᠪᠠ ᠬᠤᠪᠢ ᠬᠥᠮᠥᠨ ᠤ ᠬᠠᠮᠠᠭᠠᠯᠠᠯᠲᠠ ᠪᠠᠨ ᠰᠠᠶᠢᠨ ᠬᠢᠬᠦ ᠬᠡᠷᠡᠭᠳᠡᠢ ︔ | 3. ᠨᠢᠯᠬ᠎ᠠ ᠬᠡᠦᠬᠡᠳ ᠤᠨ ᠪᠡᠶ᠎ᠡ ᠶᠢᠨ ᠪᠠᠶᠢᠳᠠᠯ ᠢ ᠴᠠᠭ ᠢᠮᠠᠬᠳᠠ ᠠᠵᠢᠭᠯᠠᠵᠤ ᠂ ᠬᠡᠷᠪᠡ ᠴᠤᠭ ᠰᠦᠯᠳᠡ ᠦᠭᠡᠢ ᠪᠣᠯᠬᠤ ᠂ ᠠᠮᠢᠰᠬᠤᠯ ᠳᠠᠪᠬᠤᠴᠠᠬᠤ ᠪᠠᠶᠢᠳᠠᠯ | ᠢᠯᠡᠷᠡᠪᠡᠯ ᠡᠮᠴᠢ ᠳᠤ ᠦᠵᠡᠭᠦᠯᠬᠦ ᠬᠡᠷᠡᠭᠳᠡᠢ ︔ | 4. ᠭᠡᠷ ᠲᠡᠭᠡᠨ ᠡᠮ ᠳᠠᠩ ᠪᠡᠯᠡᠳᠬᠡᠵᠦ ᠲᠠᠯᠪᠢᠬᠤ ᠭᠡᠷᠡᠭᠳᠡᠢ ᠂ ᠢᠯᠠᠩᠭᠤᠶ᠎ᠠ ᠬᠠᠯᠠᠭᠤᠷᠠᠬᠤ ᠶᠢ ᠪᠠᠭᠤᠷᠠᠭᠤᠯᠬᠤ ᠡᠮ ᠲᠣᠳᠠᠬᠳᠠᠵᠦ ᠪᠤᠯᠬᠤ ᠦᠭᠡᠢ ᠃ | ᠨᠥᠬᠦᠴᠡᠯ ᠲᠠᠢ ᠪᠣᠯ ᠴᠢᠳᠠᠬᠤ ᠶᠢᠨ ᠳᠣᠳᠣᠷ᠎ᠠ ᠬᠡᠦᠬᠡᠳ ᠲᠡᠭᠡᠨ ᠲᠤᠰᠠᠭᠠᠷ ᠣᠨᠳᠠᠯᠭ᠎ᠠ ᠶᠢᠨ ᠥᠷᠥᠭᠡ ᠪᠤᠶᠤ ᠠᠷᠢᠭᠤᠨ ᠴᠡᠪᠡᠷ ᠤᠨ ᠲᠠᠰᠤᠯᠭ᠎ᠠ ᠲᠠᠢ ᠪᠠᠶᠢᠯᠭᠠᠨ᠎ᠠ ᠃ | ᠬᠡᠷᠪᠡ ᠪᠤᠯᠤᠮᠵᠢ ᠲᠠᠢ ᠪᠣᠯ ᠂ ᠨᠠᠭᠠᠳᠴᠦ ᠳᠣᠬᠯᠠᠬᠤ ᠭᠠᠵᠠᠷ ᠭᠠᠷᠭᠠᠵᠦ ᠦᠭᠴᠦ ᠪᠤᠯᠤᠨ᠎ᠠ ᠃ ᠬᠠᠯᠠᠭᠤᠷᠠᠬᠤ ᠪᠠ ᠦᠷᠪᠢᠰᠦᠯ ᠢ ᠳᠠᠷᠤᠬᠤ ᠡᠮ ᠳᠤ ᠪᠷᠦᠹᠧᠨ ᠢ | ᠵᠠᠷᠣᠬᠤ ᠶᠢ ᠰᠠᠨᠠᠯ ᠪᠤᠯᠭᠠᠵᠦ ᠪᠠᠶᠢᠨ᠎ᠠ ᠂ ᠪᠷᠦᠹᠧᠨ ᠦᠷᠪᠢᠰᠦᠯ ᠢ ᠳᠠᠷᠤᠬᠤ ᠦᠢᠯᠡᠳᠦᠯ ᠲᠠᠢ ᠃ ᠡᠩ ᠤᠨ ᠪᠠᠶᠢᠳᠠᠯ ᠳᠤ 6 ᠰᠠᠷ᠎ᠠ ᠬᠦᠷᠦᠬᠡ ᠦᠬᠡᠢ ᠨᠢᠯᠬ᠎ᠠ ᠳᠤ | ᠪᠷᠤᠹᠧᠨ ᠢ ᠵᠠᠷᠣᠬᠤ ᠦᠬᠡᠢ ᠪᠠᠶᠢᠪᠠᠯ ᠰᠠᠶᠢᠨ ᠃ ᠪᠥᠭᠡᠷᠡᠨ ᠤ ᠬᠤᠣᠷᠳᠠᠯᠭ᠎ᠠ ᠠᠪᠴᠢᠷᠠᠵᠦ ᠮᠡᠳᠡᠨ᠎ᠡ ᠃ ᠬᠡᠷᠪᠡ ᠬᠠᠯᠳᠠᠪᠤᠷᠢ ᠠᠪᠤᠬᠰᠠᠨ ᠪᠠᠶᠢᠪᠠᠯ ᠦᠷᠭᠦᠯᠵᠢ | ᠬᠠᠨᠢᠶᠠᠯᠭᠠᠳᠠᠭ ᠂ ᠡᠨᠡ ᠦᠶ᠎ᠡ ᠳᠤ ᠠᠶᠤᠵᠦ ᠰᠠᠨᠳᠣᠷᠬᠤ ᠬᠡᠷᠡᠭ ᠦᠬᠡᠢ ᠃ ᠡᠮᠴᠢᠯᠡᠭᠡᠨ ᠳᠡᠭᠡᠷ᠎ᠡ ᠡᠶᠢᠮᠦᠷᠬᠦᠦ ᠬᠠᠨᠢᠶᠠᠳᠤ ᠶᠢ ᠰᠢᠢᠳᠪᠦᠷᠢᠯᠡᠬᠦ ᠠᠷᠭ᠎ᠠ ᠮᠠᠶ᠋ᠢᠭ ᠨᠢ | ᠡᠩ ᠤᠨ ᠬᠢᠮᠤᠷᠠᠭ᠎ᠠ ᠲᠠᠭᠰᠢᠭᠤᠷ ᠢ ᠠᠷᠭᠠᠴᠠᠬᠤ ᠲᠠᠢ ᠦᠨᠳᠦᠰᠦᠨ ᠳᠡᠭᠡᠨ ᠠᠳᠠᠯᠢ ᠪᠠᠶᠢᠳᠠᠭ ᠃ | ︵ 1 ︶ 6 ᠨᠠᠰᠦ ᠬᠦᠷᠦᠭᠰᠡᠨ ᠬᠡᠦᠬᠡᠳ ᠲᠤ ᠰᠢᠬᠢᠷ ᠰᠢᠮᠡᠭᠦᠯᠵᠦ ᠪᠣᠯᠣᠨ᠎ᠠ ᠂ ᠨᠢᠯᠬ᠎ᠠ ᠬᠡᠦᠬᠡᠳ ᠲᠤ ᠬᠡᠷᠡᠭᠯᠡᠬᠦ ᠶᠢ ᠰᠠᠨᠠᠭᠠᠴᠢᠯᠠᠬᠤ ᠦᠭᠡᠢ ᠂ ᠤᠴᠢᠷ ᠨᠢ | ᠠᠮᠢᠰᠬᠤᠯ ᠪᠦᠭᠯᠡᠷᠡᠵᠦ ᠮᠡᠳᠡᠨ᠎ᠡ ᠃ | ︵ 2 ︶ ᠪᠠᠯ ᠬᠡᠷᠡᠭᠯᠡᠵᠦ ᠪᠣᠯᠣᠨ᠎ᠠ ᠂ ᠣᠢ ᠬᠦᠷᠦᠬᠡᠳᠦᠢ ᠬᠡᠦᠬᠡᠳ ᠲᠤ ᠬᠡᠷᠡᠭᠯᠡᠵᠦ ᠪᠣᠯᠬᠤ ᠦᠭᠡᠢ ᠂ ᠤᠴᠢᠷ ᠨᠢ ᠬᠤᠣᠷ ᠲᠠᠢ ᠪᠠᠺᠲ᠋ᠧᠷᠢ ᠪᠠᠶᠢᠵᠤ ᠮᠡᠳᠡᠨ᠎ᠡ ᠃ | ᠬᠡᠷᠪᠡ ᠵᠥᠭᠡᠢ ᠶᠢᠨ ᠪᠠᠯ ᠪᠠᠶᠢᠬᠤ ᠦᠭᠡᠢ ᠪᠣᠯ ᠪᠠᠭ᠎ᠠ ᠰᠠᠭ᠎ᠠ ᠵᠠᠶᠢᠷᠮᠠᠭ ᠢᠳᠡᠪᠡᠯ ᠪᠠᠰᠠ ᠨᠠᠮᠳᠠᠭᠠᠵᠦ ᠪᠤᠯᠳᠠᠭ ᠃ | ︵ 3 ︶ ᠤᠰᠤ ᠢᠯᠡᠬᠦᠦ ᠣᠣᠭᠤᠯᠭᠠᠵᠦ ᠪᠠᠶᠢᠬᠤ ᠬᠡᠷᠡᠭᠳᠡᠢ ᠃ ᠬᠡᠷᠪᠡ ᠬᠡᠦᠬᠡᠳ ᠤᠳ ᠠᠮᠢᠰᠬᠤᠭ᠎ᠠ ᠴᠢᠬᠤᠯᠳᠠᠬᠤ ᠂ ᠴᠡᠭᠡᠵᠢ ᠪᠢᠳᠡᠬᠦᠷᠡᠬᠦ ᠪᠤᠶᠤ ᠴᠡᠭᠡᠵᠢ ᠡᠪᠡᠳᠬᠦ ︔ | ᠣᠬᠠᠭ᠎ᠠ ᠠᠯᠳᠠᠬᠤ ᠂ ᠨᠦᠢᠷ ᠮᠠᠭᠤ ᠪᠤᠶᠤ ᠠᠮᠠᠷᠬᠠᠨ ᠰᠡᠷᠡᠬᠦ ᠦᠭᠡᠢ ᠂ ᠠᠷᠠᠰᠤ ᠨᠢ ᠴᠠᠶᠢᠵᠤ ᠂ ᠤᠷᠤᠭᠤᠯ ᠨᠢ ᠬᠦᠬᠡᠷᠡᠵᠦ ᠪᠠᠶᠢᠪᠠᠯ ᠡᠮᠴᠢ ᠳᠤ ᠦᠵᠡᠬᠦᠯᠬᠦ ᠬᠡᠷᠡᠭᠳᠡᠢ ᠃ | | | |