ᠰᠢᠳᠦ ᠡᠪᠡᠳᠬᠦ ᠶᠢ ᠵᠤᠭᠰᠤᠭᠠᠬᠤ ᠲᠦᠭᠦᠮ ᠠᠷᠭ᠎ᠠ
ᠨᠡᠶᠢᠲᠡᠯᠡᠭᠰᠡᠨ ᠴᠠᠭ᠄
2023/12/13
     1 ᠂ ᠲᠦᠭᠦᠬᠡᠢ ᠭᠠ ᠶᠢ ᠨᠢᠮᠭᠡᠨ ᠬᠡᠷᠴᠢᠵᠤ ᠵᠦᠭᠡᠯᠡᠨ ᠭᠠᠯ ᠲᠡᠭᠡᠷ᠎ᠡ ᠪᠠᠭ᠎ᠠ ᠬᠠᠯᠠᠭᠠᠭᠠᠳ ᠡᠪᠡᠳᠴᠦ ᠪᠠᠢᠭ᠎ᠠ ᠰᠢᠳᠦ ᠪᠠᠷ ᠢᠶᠠᠨ ᠵᠠᠭᠤᠪᠠᠯ ᠴᠠᠭ ᠤᠨ ᠲᠠᠷᠠᠭ᠎ᠠ ᠡᠪᠡᠳᠬᠦ ᠨᠢ ᠨᠠᠮᠳᠠᠳᠠᠭ ᠃    2 ᠂ ᠼᠤᠤ ᠶᠢ ᠪᠠᠭ᠎ᠠ ᠬᠠᠯᠠᠭᠤᠯᠤᠭᠠᠳ ᠪᠦᠯᠢᠶᠡᠨ ᠪᠣᠯᠣᠭᠰᠠᠨ ᠤ ᠲᠠᠷᠠᠭ᠎ᠠ ᠰᠢᠳᠦ ᠪᠠᠨ ᠵᠠᠶᠢᠯᠪᠠᠯ ᠡᠪᠡᠳᠬᠦ ᠨᠢ ᠨᠠᠮᠳᠠᠳᠠᠭ ᠃    3 ᠂ ᠡᠪᠡᠳᠴᠦ ᠪᠠᠢᠭ᠎ᠠ ᠰᠢᠳᠦᠨ ᠳᠡᠭᠡᠨ ᠮᠦᠬᠦᠯᠢᠭᠲᠦ ᠲᠠᠪᠤᠰᠤ ᠶᠢ ᠵᠠᠭᠤᠪᠠᠯ ᠂ ᠲᠡᠷᠡ ᠲᠤᠤᠷ᠎ᠠ ᠨᠢ ᠨᠡᠯᠢᠶᠡᠳ ᠡᠪᠡᠳᠦᠭᠰᠡᠨ ᠴᠦ ᠠᠭᠠᠵᠢᠮ ᠳᠠᠭᠠᠨ ᠬᠤᠤᠷ ᠢ ᠨᠢ ᠲᠠᠷᠤᠵᠤ ᠪᠠᠺᠲ᠋ᠧᠷᠢ ᠶᠢ ᠤᠰᠠᠳᠬᠠᠵᠤ ᠬᠠᠪᠤᠳᠠᠷ ᠢ ᠨᠠᠮᠳᠠᠭᠤᠯᠳᠠᠭ ᠃    4 ᠂ ᠰᠢᠳᠦ ᠬᠤᠷᠤᠬᠠᠢᠳᠤᠭᠰᠠᠨ ᠠᠴᠠ ᠪᠤᠯᠵᠤ ᠡᠪᠡᠳᠴᠦ ᠪᠠᠢᠪᠠᠯ ᠲᠤᠯᠤᠭᠠᠢ ᠶᠢᠨ ᠤᠷᠤᠢ ᠶᠢᠨ ᠰᠤᠳᠠᠯ ᠪᠤᠶᠤ ᠬᠤᠶᠠᠷ ᠴᠠᠬᠢᠨ ᠤ ᠠᠷᠤ ᠳᠠᠬᠢ ᠰᠤᠳᠠᠯ ᠢ ᠬᠢᠮᠦᠰᠦ ᠪᠠᠷ ᠢᠶᠠᠨ 3 ᠮᠢᠨᠦ᠋ᠲ ᠲᠠᠷᠤᠨ᠎ᠠ ᠃ ᠡᠨᠡ ᠮᠡᠳᠦ ᠪᠠᠷ ᠠᠷᠤ ᠠᠷᠤ ᠠᠴᠠ ᠨᠢ 3 ᠤᠳᠠᠭ᠎ᠠ ᠲᠠᠷᠤᠪᠠᠯ ᠡᠪᠡᠳᠬᠦ ᠨᠢ ᠨᠠᠮᠳᠠᠳᠠᠭ ᠃    5 ᠂ ᠰᠢᠳᠦᠨ ᠤ ᠡᠪᠡᠳᠴᠢᠨ ᠳᠤ ᠭᠠᠭᠴᠠ ᠲᠤᠯᠤᠭᠠᠢ ᠰᠠᠷᠢᠮᠰᠠᠭ ᠢ ᠨᠢᠴᠠᠯᠵᠤ ᠂ ᠶᠤᠤᠮᠠᠢ ᠶᠢᠨ ᠭᠤᠯᠢᠷ ᠲᠠᠢ ᠬᠠᠮᠳᠦ ᠰᠢᠩᠭᠡᠨ ᠵᠢᠭᠤᠷᠠᠭᠠᠳ ᠡᠪᠡᠳᠴᠦ ᠪᠠᠢᠭ᠎ᠠ ᠲᠠᠯ᠎ᠠ ᠶᠢᠨ ᠬᠠᠴᠠᠷ ᠲᠡᠭᠡᠷ᠎ᠡ ᠬᠡᠳᠦ ᠤᠳᠠᠭ᠎ᠠ ᠰᠢᠪᠡᠵᠤ ᠨᠠᠭᠠᠪᠠᠯ ᠰᠢᠳᠦ ᠡᠪᠡᠳᠬᠦ ᠨᠢ ᠲᠠᠷᠤᠢ ᠵᠤᠭᠰᠤᠴᠢᠬᠠᠳᠠᠭ ᠂ ᠪᠠᠰᠠ ᠠᠷᠢᠬᠢ ᠬᠤᠯᠢᠭᠰᠠᠨ ᠴᠦ ᠪᠤᠯᠤᠨ᠎ᠠ ᠃     
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ