| ᠨᠠᠮᠦᠷ ᠪᠤᠯᠪᠠᠯ᠂ ᠵᠠᠷᠢᠮ ᠬᠡᠤᠬᠡᠳ ᠤᠳ ᠪᠦᠭᠡᠯᠵᠢᠬᠦ᠂ | ᠰᠠᠭᠤᠯᠭᠠᠬᠤ ᠪᠠᠶᠢᠳᠠᠯ ᠤᠯᠠᠰᠢᠷᠠᠳᠠᠭ᠂ ᠡᠨᠡ ᠨᠢ ᠬᠡᠤᠬᠡᠳ | ᠬᠦᠷᠳᠦᠯᠢᠭ ᠸᠢᠷᠦ᠋ᠰ ᠤᠨ ᠲᠦᠷᠭᠡᠨ ᠴᠢᠨᠠᠷᠲᠠᠢ ᠬᠤᠳᠤᠭᠤᠲᠦ | ᠭᠡᠳᠡᠰᠤᠨ ᠤ ᠦᠷᠪᠢᠰᠦᠯ ᠳᠤ ᠬᠠᠯᠳᠠᠪᠤᠷᠢᠯᠠᠭᠳᠠᠭᠰᠠᠨ ᠪᠠᠶᠢᠵᠦ | ᠮᠡᠳᠡᠨ᠎ᠡ᠃ ᠤᠯᠤᠰ ᠤᠨ ᠡᠪᠡᠳᠴᠢᠨ ᠡᠮᠬᠡᠭ ᠢ ᠰᠡᠷᠭᠡᠶᠢᠯᠡᠨ | ᠬᠢᠵᠠᠭᠠᠷᠯᠠᠬᠤ ᠲᠤᠪᠴᠢᠶ᠎ᠡ ᠤᠶᠢᠷ᠎ᠠ ᠳᠤ ᠡᠷᠡᠭᠦᠯ | ᠮᠡᠨᠲᠦ ᠶᠢᠨ ᠰᠠᠨᠠᠭᠤᠯᠤᠮᠵᠢ ᠨᠡᠶᠢᠳᠡᠯᠡᠵᠦ᠂ ᠬᠡᠤᠬᠡᠳ ᠪᠤᠯᠤᠨ | ᠬᠡᠤᠬᠡᠳ ᠠᠰᠠᠷᠠᠭᠴᠢ ᠶᠢ ᠡᠷᠡᠬᠦᠯ ᠬᠠᠮᠠᠭᠠᠯᠠᠯ ᠤᠨ ᠰᠠᠶᠢᠨ | ᠲᠠᠳᠬᠠᠯ ᠲᠠᠢ ᠪᠠᠶᠢᠬᠤ᠂ ᠢᠯᠡᠩᠭᠤᠶ᠎ᠡ ᠭᠠᠷ ᠤᠨ ᠠᠷᠢᠭᠤᠨ | ᠴᠡᠪᠡᠷ ᠢ ᠠᠩᠬᠠᠷᠬᠤ᠂ ᠪᠤᠬᠢᠷ ᠭᠠᠷ ᠢᠶᠠᠷ ᠢᠶᠠᠨ ᠠᠮᠠ᠂ ᠨᠢᠲᠦ᠂ | ᠬᠠᠮᠠᠷ ᠪᠠ ᠢᠳᠡᠭᠡᠨ ᠵᠡᠷᠭᠡ ᠳᠤ ᠬᠦᠷᠬᠦ ᠦᠭᠡᠢ᠂ ᠬᠡᠤᠭᠡᠳ ᠢ | ᠪᠤᠬᠢᠷ ᠭᠠᠷ ᠢᠶᠠᠷ ᠢᠳᠡᠭᠦᠯᠭᠦ ᠦᠭᠡᠢ᠂ ᠬᠡᠤᠬᠡᠳ ᠤᠨ ᠭᠠᠷ ᠢ | ᠴᠠᠭ ᠲᠤᠬᠠᠢ ᠳᠤᠨᠢ ᠠᠷᠢᠭᠤᠳᠬᠠᠵᠦ᠂ ᠨᠠᠮᠦᠷ ᠤᠨ ᠤᠯᠠᠷᠢᠯ ᠤᠨ | ᠬᠡᠤᠬᠡᠳ ᠤᠨ ᠬᠦᠷᠳᠦᠯᠢᠭ ᠸᠢᠷᠦ᠋ᠰ ᠤᠨ ᠬᠠᠯᠳᠠᠪᠤᠷᠢᠯᠠᠯ ᠠᠴᠠ | ᠰᠡᠷᠭᠡᠶᠢᠯᠡᠬᠦ ᠬᠡᠷᠡᠭᠲᠡᠢ ᠭᠡᠵᠦ ᠰᠠᠨᠠᠭᠤᠯᠤᠭᠰᠠᠨ | ᠪᠠᠶᠢᠨ᠎ᠠ᠃ | ᠡᠷᠡᠭᠦᠯ ᠮᠠᠨᠲᠦ ᠶᠢᠨ ᠰᠠᠨᠠᠭᠤᠯᠤᠮᠵᠢ ᠶᠢ ᠦᠨᠳᠤᠰᠤᠯᠡᠪᠡᠯ᠂ | ᠬᠦᠷᠳᠦᠯᠢᠭ ᠸᠢᠷᠦ᠋ᠰ ᠤᠨ ᠲᠦᠷᠭᠡᠨ ᠴᠢᠨᠠᠷᠲᠠᠢ ᠬᠤᠳᠤᠭᠤᠲᠦ | ᠬᠡᠳᠡᠰᠤᠨ ᠤ ᠦᠷᠪᠢᠰᠦᠯ ᠢ ᠶᠡᠷᠦ ᠳᠡᠭᠡᠨ ︽ᠬᠦᠷᠳᠦᠯᠢᠭ | ᠸᠢᠷᠦ᠋ᠰ ᠤᠨ ᠬᠠᠯᠳᠠᠪᠤᠷᠢᠯᠠᠯ ᠢᠶᠠᠷ ᠰᠠᠭᠤᠯᠭᠠᠬᠤ︾ ᠪᠤᠶᠤ | ︽ᠨᠠᠮᠦᠷ ᠤᠨ ᠤᠯᠠᠷᠢᠯ ᠳᠤ ᠰᠠᠭᠤᠯᠭᠠᠬᠤ︾ ᠭᠡᠳᠡᠭ᠃ ᠨᠠᠮᠦᠷ | ᠡᠪᠤᠯ ᠤᠨ ᠤᠯᠠᠷᠢᠯ ᠳᠤ᠂ ᠲᠡᠭᠦᠨ ᠤ ︽ᠲᠠᠭᠠᠷᠢᠯᠳᠠ︾ ᠨᠢ ᠨᠡᠩ | ᠰᠢᠷᠦᠭᠦᠨ ᠪᠠᠶᠢᠳᠠᠭ᠃ ᠡᠮᠴᠢᠯᠡᠭᠡᠨ ᠤ ᠰᠢᠨᠵᠢ ᠲᠡᠮᠳᠡᠭ ᠠᠴᠠ | ᠦᠵᠡᠪᠡᠯ᠂ ᠬᠡᠤᠬᠡᠳ ᠬᠠᠮᠤᠬ ᠠᠩᠬᠠᠨ ᠳᠠᠭᠠᠨ ᠪᠦᠬᠡᠯᠵᠢᠵᠦ᠂ | ᠰᠡᠬᠦᠯᠡᠷ ᠨᠢ ᠠᠳᠠᠯᠢ ᠪᠤᠰᠤ ᠬᠡᠮᠵᠢᠶ᠎ᠡ ᠪᠠᠷ ᠰᠠᠭᠤᠯᠭᠠᠵᠦ᠂ | ᠤᠯᠠᠩᠭᠢ ᠨᠢ ᠬᠠᠯᠠᠭᠤᠷᠠᠵᠦ᠂ ᠬᠦᠨᠲᠦ ᠨᠤᠴᠢᠳᠠᠢ ᠦᠶ᠎ᠡ ᠳᠤ | ᠪᠠᠭᠠᠰᠤ ᠨᠢ ᠠᠷᠪᠢᠨ᠂ ᠤᠰᠤ ᠨᠢ ᠶᠡᠭᠡ᠂ ᠤᠳᠠᠭ᠎ᠠ ᠨᠢ ᠠᠷᠪᠢᠨ᠂ | ᠰᠢᠭᠡᠭᠦ ᠬᠡᠮᠵᠢᠶ᠎ᠡ ᠨᠢ ᠪᠠᠭ᠎ᠠ ᠵᠡᠷᠭᠡ ᠡᠮᠴᠢᠯᠡᠬᠡᠨ ᠤ | ᠰᠢᠨᠵᠢ ᠲᠡᠮᠳᠡᠭ ᠢᠯᠡᠷᠡᠨ᠎ᠡ᠃ ᠹᠦᠳᠡᠨ ᠶᠡᠭᠡ ᠰᠤᠷᠭᠠᠭᠤᠯᠢ ᠶᠢᠨ | ᠬᠠᠷᠢᠶᠡᠲᠦ ᠬᠡᠤᠬᠡᠳ ᠤᠨ ᠰᠠᠯᠠᠭᠠᠨ ᠤ ᠡᠮᠨᠡᠯᠭᠡ ᠶᠢᠨ | ᠬᠤᠷᠢᠶᠠᠨ ᠤ ᠡᠮᠴᠢᠯᠡᠭᠡᠨ ᠤ ᠡᠬᠡᠯᠢᠯᠡᠭᠡ ᠶᠢᠨ ᠰᠠᠯᠠᠭᠠᠨ ᠤ | ᠡᠷᠬᠢᠯᠡᠭᠴᠢ ᠸᠠᠩ ᠰᠢᠶᠤᠦ ᠴᠤᠸᠠᠨ ᠢᠯᠡᠷᠭᠡᠶᠢᠯᠡᠬᠦ ᠳᠡᠭᠡᠨ᠂ | ᠬᠦᠷᠳᠦᠯᠢᠭ ᠸᠢᠷᠦ᠋ᠰ ᠤᠨ ᠬᠠᠯᠳᠠᠪᠤᠷᠢᠯᠠᠯ ᠳᠤ ᠴᠢᠭᠯᠡᠭᠦᠯᠤᠨ᠂ | ᠤᠳᠤᠬᠠᠨ ᠳᠤ ᠤᠨᠴᠠ ᠲᠤᠰᠠᠲᠠᠢ ᠡᠮ ᠲᠠᠩ ᠬᠠᠷᠠᠬᠠᠨ ᠪᠠᠶᠢᠬᠤ | ᠦᠭᠡᠢ᠂ ᠬᠦᠷᠳᠦᠯᠢᠭ ᠸᠢᠷᠦ᠋ᠰ ᠤᠨ ᠸᠠᠺᠼᠢᠨ ᠪᠤᠯ ᠬᠦᠷᠳᠦᠯᠢᠭ | ᠸᠢᠷᠦ᠋ᠰ ᠤᠨ ᠬᠠᠯᠳᠠᠪᠤᠷᠢᠯᠠᠯ ᠤᠨ ᠴᠢᠨᠠᠷᠲᠠᠢ | ᠰᠠᠭᠤᠯᠭᠠᠬᠤ ᠶᠢ ᠰᠡᠷᠭᠡᠶᠢᠯᠡᠬᠦ ᠬᠠᠮᠤᠬ ᠤᠨ ᠪᠦᠳᠦᠮᠵᠢᠲᠡᠢ | ᠠᠷᠭ᠎ᠠ ᠮᠦᠨ ᠬᠡᠵᠡᠢ᠃ | ᠲᠤᠮᠳᠠᠲᠦ ᠤᠯᠤᠰ ᠤᠨ ᠡᠪᠡᠳᠴᠢᠨ ᠡᠮᠬᠡᠭ ᠰᠡᠷᠭᠡᠶᠢᠯᠡᠨ | ᠬᠢᠵᠠᠭᠠᠷᠯᠠᠬᠤ ᠲᠦᠪ ᠤᠨ ᠬᠤᠯᠪᠤᠭᠳᠠᠯ ᠪᠦᠬᠦᠢ ᠲᠤᠰᠬᠠᠢ | ᠮᠡᠷᠭᠡᠵᠢᠯᠳᠡᠨ ᠢᠯᠡᠷᠭᠡᠶᠢᠯᠡᠬᠦ ᠳᠡᠭᠡᠨ᠂ | ᠬᠠᠯᠳᠠᠪᠤᠷᠢᠯᠠᠭᠳᠠᠭᠰᠠᠨ ᠬᠡᠤᠬᠡᠳ ᠤᠨ ᠡᠪᠡᠳᠴᠢᠨ ᠤ | ᠪᠠᠶᠢᠳᠠᠯ ᠨᠢ ᠡᠩ ᠤᠨ ᠪᠠᠶᠢᠳᠠᠯ ᠳᠤ ᠲᠡᠶᠢᠮᠦ ᠬᠦᠨᠲᠦ ᠪᠢᠰᠢ᠂ | ᠵᠤᠬᠢᠬᠤ ᠬᠡᠮᠵᠢᠶ᠎ᠡ ᠪᠠᠷ ᠰᠢᠩᠭᠡᠨ ᠨᠦᠬᠦᠪᠤᠷᠢᠯᠡᠪᠡᠯ ︽ᠡᠮ | ᠬᠡᠷᠡᠭᠯᠡᠬᠦ ᠦᠭᠡᠢ ᠪᠠᠷ ᠡᠳᠡᠭᠡᠷᠡᠵᠦ︾ ᠪᠤᠯᠤᠨ᠎ᠠ᠃ ᠭᠡᠪᠡᠴᠦ | ᠰᠠᠭᠤᠯᠭᠠᠬᠤ ᠪᠤᠶᠤ ᠪᠦᠬᠡᠯᠵᠢᠬᠦ ᠨᠢ ᠭᠡᠴᠡᠭᠦᠦ ᠦᠶ᠎ᠡ ᠳᠤ | ᠤᠮᠳᠤᠭᠠᠶᠢᠯᠠᠵᠦ ᠪᠤᠯᠬᠤ ᠦᠬᠡᠢ᠂ ᠴᠠᠭ ᠲᠤᠬᠠᠢ ᠳᠤᠨᠢ | ᠡᠮᠨᠡᠭᠦᠯᠭᠦ ᠬᠡᠷᠡᠭᠲᠡᠢ᠃ ᠬᠡᠤᠬᠡᠳ ᠤᠨ ᠤᠰᠤ ᠠᠯᠳᠠᠭᠰᠠᠨ ᠠᠴᠠ | ᠪᠤᠯᠵᠦ ᠦᠬᠦᠳᠬᠢᠭᠦ ᠠᠴᠠ ᠵᠠᠶᠢᠯᠠᠰᠬᠢᠬᠦ᠂ ᠢᠯᠡᠩᠭᠤᠶ᠎ᠡ 1 | ᠨᠠᠰᠤᠨ ᠠᠴᠠ ᠪᠠᠭ᠎ᠠ ᠬᠡᠤᠬᠡᠳ ᠲᠤ ᠨᠡᠩ ᠴᠤ ᠬᠤᠤᠷ ᠬᠦᠨᠦᠭᠡᠯ | ᠤᠴᠠᠷᠠᠭᠤᠯᠬᠤ ᠠᠴᠠ ᠵᠠᠶᠢᠯᠠᠰᠬᠢᠬᠦ ᠬᠡᠷᠡᠭᠲᠡᠢ ᠬᠡᠵᠡᠢ᠃ | ᠡᠬᠦᠨ ᠤ ᠬᠠᠮᠲᠦ᠂ ᠭᠡᠷ ᠤᠨ ᠠᠬᠠᠮᠡᠳ ᠨᠠᠷ ᠬᠡᠷ ᠪᠦᠯᠢ ᠶᠢᠨ | ᠡᠷᠡᠭᠦᠯ ᠬᠠᠮᠠᠭᠠᠯᠠᠯ ᠢ ᠠᠩᠬᠠᠷᠴᠦ᠂ ᠬᠡᠷ ᠦᠷᠦᠭᠡ ᠳᠡᠭᠡᠨ | ᠦᠷᠬᠦᠯᠵᠢ ᠰᠠᠯᠬᠢ ᠨᠡᠪᠳᠡᠷᠡᠬᠦᠯᠵᠦ᠂ ᠬᠡᠤᠬᠡᠳ ᠤᠨ ᠢᠳᠡᠭᠡᠨ ᠤ | ᠰᠠᠪᠠ ᠬᠡᠷᠡᠭᠰᠡᠯ ᠢ ᠬᠡᠷᠡᠭᠯᠡᠬᠦ ᠠᠴᠠ ᠡᠮᠦᠨ᠎ᠡ ᠤᠬᠢᠶᠠᠵᠦ | ᠴᠡᠪᠡᠷᠯᠡᠬᠦ ᠬᠡᠷᠡᠭᠲᠡᠢ᠂ ᠬᠤᠪᠴᠠᠰᠤ ᠬᠤᠨᠠᠷ ᠬᠦᠨᠵᠢᠯᠡ | ᠲᠡᠪᠢᠰᠭᠡᠷ᠂ ᠨᠠᠭᠠᠳᠤᠮ ᠤᠨ ᠵᠦᠢᠯ ᠵᠡᠷᠭᠡ ᠶᠢ ᠦᠷᠭᠦᠯᠵᠢ | ᠰᠤᠯᠢᠵᠦ ᠤᠬᠢᠶᠠᠬᠤ ᠶᠢ ᠰᠠᠨᠠᠭᠤᠯᠵᠠᠢ᠃ | ︵ᠡᠭᠡ ᠪᠢᠴᠢᠭ ᠢ ︽ᠬᠦᠯᠥᠭ ᠰᠦᠯᠵᠢᠶ᠎ᠡ︾ ᠠᠴᠠ ᠰᠢᠯᠵᠢᠬᠦᠯᠪᠡ︶ | |