| ᠤᠳᠠᠭᠠᠨ ᠰᠠᠭᠤᠬᠤ ᠨᠢ ᠪᠡᠶ᠎ᠡ ᠮᠠᠬᠠᠪᠤᠳ ᠲᠤ ᠬᠡᠳᠦᠢ ᠶᠡᠭᠡ ᠬᠤᠣᠷ ᠬᠥᠨᠥᠭᠡᠯ ᠲᠠᠢ ᠪᠤᠢ ︖ ᠶᠠᠫᠤᠨ ᠤ ᠫᠷᠤᠹᠧᠰᠰᠤᠷ ᠣᠶᠢᠷ᠎ᠠ ᠳᠤ ᠶᠠᠫᠤᠨ ᠤ ︽ ᠡᠳᠦᠷ | ᠪᠦᠷᠢ ᠶᠢᠨ ᠰᠣᠨᠢᠨ ᠮᠡᠳᠡᠭᠡ ︾ ᠶᠢᠨ ᠰᠣᠷᠪᠤᠯᠵᠢᠯᠠᠭ᠎ᠠ ᠶᠢ ᠬᠦᠯᠢᠶᠡᠬᠦ ᠳᠡᠭᠡᠨ ᠂ ᠤᠳᠠᠭᠠᠨ ᠰᠠᠭᠤᠬᠤ ᠨᠢ ᠦᠬᠦᠬᠦ ᠠᠶᠤᠯ ᠲᠠᠢ ᠨᠢᠭᠲᠠ ᠬᠤᠯᠪᠤᠭ᠎ᠠ ᠲᠠᠢ ᠪᠠᠶᠢᠳᠠᠭ ᠂ | ᠪᠠᠶᠢᠨ ᠪᠠᠶᠢᠨ ᠪᠣᠰᠴᠤ ᠬᠥᠳᠡᠯᠭᠡᠭᠡᠨ ᠬᠢᠬᠦ ᠨᠢ ᠡᠷᠡᠭᠦᠯ ᠮᠡᠨᠳᠦ ᠳᠤ ᠨᠠᠩ ᠠᠰᠢᠭᠲᠠᠢ ᠶᠤᠮ ᠭᠡᠵᠦ ᠢᠯᠡᠳᠬᠡᠪᠡ ᠃ | ᠲᠤᠰᠬᠠᠢ ᠮᠡᠷᠭᠡᠵᠢᠯᠲᠡᠨ ᠂ ᠤᠳᠠᠭᠠᠨ ᠰᠠᠭᠤᠬᠤ ᠨᠢ ᠦᠬᠦᠬᠦ ᠠᠶᠤᠯ ᠲᠠᠢ ᠨᠢᠭᠲᠠ ᠬᠤᠯᠪᠤᠭ᠎ᠠ ᠲᠠᠢ ᠂ ᠡᠨᠡ ᠨᠢ ᠨᠢᠭᠡᠨᠲᠡ ᠤᠯᠠᠮ ᠠᠴᠠ ᠤᠯᠠᠮ ᠲᠣᠳᠣᠷᠬᠠᠢ | ᠪᠣᠯᠵᠠᠢ ᠃ ᠬᠡᠲᠦᠷᠬᠡᠢ ᠤᠳᠠᠭᠠᠨ ᠰᠠᠭᠤᠬᠤ ᠨᠢ ᠪᠡᠶ᠎ᠡ ᠮᠠᠬᠠᠪᠤᠳ ᠲᠤ ᠬᠤᠣᠷ ᠬᠥᠨᠥᠭᠡᠯ ᠲᠠᠢ ᠪᠠᠶᠢᠬᠤ ᠶᠢᠨ ᠨᠢᠭᠡᠨ ᠭᠤᠣᠯ ᠰᠢᠯᠲᠠᠭᠠᠨ ᠨᠢ ᠳᠠᠷᠤᠢ ᠬᠥᠮᠥᠨ ᠤ | ᠪᠡᠶ᠎ᠡ ᠶᠢᠨ ᠡᠵᠡᠯᠡᠬᠦᠨ ᠢᠶᠠᠷ ᠨᠡᠯᠢᠶᠡᠳ ᠶᠡᠭᠡ ᠪᠤᠯᠴᠢᠩ ᠪᠤᠯᠬᠤ ᠬᠥᠯ ᠤᠨ ᠪᠤᠯᠴᠢᠩ ᠨᠢ ᠬᠥᠳᠡᠯᠭᠡᠭᠡᠨ ᠬᠢᠵᠦ ᠳᠡᠶᠢᠯᠭᠦ ᠦᠭᠡᠢ ᠳᠤ ᠪᠠᠶᠢᠨ᠎ᠠ ᠃ ᠡᠨᠡ ᠨᠢ | ᠰᠣᠯᠢᠯᠴᠠᠭ᠎ᠠ ᠶᠢ ᠮᠠᠭᠤᠳᠠᠭᠤᠯᠵᠤ ᠂ ᠴᠢᠰᠤᠨ ᠤ ᠤᠷᠤᠰᠬᠠᠯ ᠤᠨ ᠬᠡᠮᠵᠢᠶ᠎ᠡ ᠶᠢ ᠪᠠᠭᠤᠷᠠᠭᠤᠯᠤᠨ ᠂ ᠴᠢᠰᠤᠨ ᠰᠢᠬᠢᠷ ᠤᠨ ᠬᠡᠮᠵᠢᠶ᠎ᠡ ᠶᠢ ᠥᠨᠳᠥᠷ ᠪᠤᠯᠭᠠᠵᠤ ᠂ ᠴᠢᠰᠤᠨ | ᠳᠠᠷᠤᠯᠲᠠ ᠶᠢ ᠴᠤ ᠨᠥᠯᠥᠭᠡᠯᠡᠨ᠎ᠡ ᠭᠡᠵᠡᠢ ᠃ | ᠲᠤᠰᠬᠠᠢ ᠮᠡᠷᠭᠡᠵᠢᠯᠲᠡᠨ ᠄ ︽ ᠰᠠᠭᠤᠬᠤ ᠨᠢ ᠮᠠᠭᠤ ᠭᠡᠰᠡᠨ ᠦᠭᠡ ᠪᠢᠰᠢ ᠂ ᠬᠠᠷᠢᠨ ᠤᠷᠲᠤ ᠬᠤᠭᠤᠴᠠᠭ᠎ᠠ ᠪᠠᠷ ᠰᠠᠭᠤᠵᠤ ᠠᠮᠠᠷᠠᠬᠤ ᠦᠭᠡᠢ ᠪᠠᠶᠢᠵᠤ ᠪᠤᠯᠬᠤ ᠦᠭᠡᠢ ᠃ | ᠪᠠᠶᠢᠴᠠᠭᠠᠯᠲᠠ ᠳᠤ ᠢᠯᠡᠷᠡᠭᠦᠯᠦᠭᠰᠡᠨ ᠢᠶᠠᠷ ᠂ ᠬᠡᠳᠦ᠋ᠢᠪᠡᠷ ᠰᠠᠭᠤᠭᠰᠠᠨ ᠶᠡᠷᠦᠩᠬᠡᠢ ᠴᠠᠭ ᠤᠨ ᠣᠷᠳᠣ ᠨᠢ ᠠᠳᠠᠯᠢ ᠪᠤᠯᠪᠠᠴᠤ ᠂ ᠣᠷᠳᠣ ᠬᠤᠭᠤᠴᠠᠭ᠎ᠠ ᠪᠠᠷ | ᠵᠠᠯᠭᠠᠭ᠎ᠠ ᠪᠠᠷ ᠰᠠᠭᠤᠭᠰᠠᠨ ᠪᠠ ᠳᠤᠮᠳᠠ ᠨᠢ ᠠᠮᠠᠷᠠᠵᠤ ᠪᠠᠶᠢᠭᠠᠳ ᠲᠠᠭᠢᠨ ᠰᠠᠭᠤᠭᠰᠠᠨ ᠬᠥᠮᠥᠨ ᠤ ᠦᠬᠦᠬᠦ ᠲᠦᠭᠰᠢᠭᠦᠷᠢ ᠠᠳᠠᠯᠢ ᠦᠭᠡᠢ ᠪᠠᠶᠢᠳᠠᠭ ︾ ᠭᠡᠵᠡᠢ ᠃ | ᠲᠤᠰᠬᠠᠢ ᠮᠡᠷᠭᠡᠵᠢᠯᠲᠡᠨ ᠤ ᠰᠠᠨᠠᠭᠤᠯᠤᠮᠵᠢ ᠄ 30 ᠮᠢᠨᠦ᠋ᠲ ᠰᠠᠭᠤᠬᠤ ᠪᠦᠷᠢ ᠪᠣᠰᠴᠤ 3 ᠮᠢᠨᠦ᠋ᠲ ᠣᠷᠴᠢᠮ ᠬᠥᠳᠡᠯᠭᠡᠭᠡᠨ ᠬᠢᠵᠦ ᠂ ᠠᠳᠠᠭ ᠲᠠᠭᠠᠨ 1 ᠴᠠᠭ | ᠰᠠᠭᠤᠬᠤ ᠪᠦᠷᠢ 5 ᠮᠢᠨᠦ᠋ᠲ ᠣᠷᠴᠢᠮ ᠬᠥᠳᠡᠯᠭᠡᠭᠡᠨ ᠬᠢᠭᠡᠷᠡᠢ ᠂ ᠡᠭᠦᠨ ᠳᠤ ᠣᠷᠣᠨ ᠳᠠᠭᠠᠨ ᠠᠯᠬᠤᠬᠤ ᠂ ᠣᠴᠦ᠋ᠢᠵᠤ ᠰᠠᠭᠤᠬᠤ ᠂ ᠪᠠᠶᠢᠨ ᠪᠠᠶᠢᠨ ᠥᠨᠳᠡᠶᠢᠵᠦ | ᠵᠤᠬᠰᠤᠬᠤ ᠵᠡᠷᠭᠡ ᠬᠥᠳᠡᠯᠭᠡᠭᠡᠨ ᠬᠢᠪᠡᠯ ᠵᠣᠬᠢᠨ᠎ᠠ ᠃ | |