| ᠥᠪᠥᠷ ᠮᠣᠩᠭᠤᠯ 11 ᠳ᠋ᠦ᠋ᠭᠡᠷ ᠰᠠᠷ᠎ᠠ ᠠᠴᠠ ᠡᠬᠢᠯᠡᠨ ᠪᠥᠬᠦ ᠣᠷᠣᠨ ᠤ ᠡᠯ᠎ᠡ ᠠᠶᠢᠮᠠᠭ ᠬᠤᠲᠠ ᠳᠠᠬᠢ 9 ᠸᠠᠯᠧᠨ᠋ᠳ᠋ᠲᠤ HPV ᠸᠠᠺᠼᠢᠨ ᠤ ᠬᠠᠩᠭᠠᠯᠭ᠎ᠠ ᠶᠢ | ᠨᠡᠮᠡᠭᠳᠡᠭᠦᠯᠦᠨ᠎ᠡ ᠃ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠠᠵᠢᠯ ᠤᠨ ᠪᠠᠶᠢᠷᠢᠯᠠᠭᠤᠯᠤᠯᠲᠠ ᠶᠣᠰᠣᠭᠠᠷ ᠂ | ᠥᠪᠥᠷ ᠮᠣᠩᠭᠤᠯ ᠤᠨ ᠥᠷᠭᠡᠨ ᠣᠯᠠᠨ ᠵᠣᠬᠢᠬᠤ ᠨᠠᠰᠤᠨ ᠤ ᠡᠮᠡᠭᠲᠡᠶᠢᠴᠦᠳ ᠤᠨ HPV ᠸᠠᠺᠼᠢᠨ ᠲᠠᠷᠢᠬᠤ ᠱᠠᠭᠠᠷᠳᠠᠯᠭ᠎ᠠ ᠶᠢ ᠤᠯᠠᠮ ᠢᠯᠡᠭᠦᠦ ᠬᠠᠩᠭᠠᠨ ᠂ | ᠥᠷᠭᠡᠨ ᠣᠯᠠᠨ ᠡᠮᠡᠭᠲᠡᠶᠢᠴᠦᠳ ᠤᠨ ᠪᠡᠶ᠎ᠡ ᠶᠢᠨ ᠡᠷᠡᠭᠦᠯ ᠮᠡᠨᠳᠦ ᠪᠠ ᠬᠤᠪᠢ ᠶᠢᠨ ᠠᠰᠢᠭ ᠲᠤᠰᠠ ᠶᠢ ᠨᠢ ᠬᠠᠮᠠᠭᠠᠯᠠᠬᠤ ᠶᠢᠨ ᠲᠤᠯᠠᠳᠠ ᠂ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠣᠪᠴᠢᠶ᠎ᠠ HPV ᠸᠠᠺᠼᠢᠨ ᠬᠠᠩᠭᠠᠬᠤ ᠠᠵᠤ ᠠᠬᠤᠶᠢᠯᠠᠯ ᠤᠳ ᠲᠠᠢ | ᠢᠳᠡᠪᠬᠢᠲᠡᠢ ᠪᠠᠷ ᠵᠥᠪᠳᠡᠯᠴᠡᠵᠦ ᠪᠠᠶᠢᠭᠠᠳ ᠸᠠᠺᠼᠢᠨ ᠤ ᠬᠠᠩᠭᠠᠯᠭ᠎ᠠ ᠶᠢ ᠨᠡᠮᠡᠭᠳᠡᠭᠦᠯᠬᠦ ᠪᠠᠷ ᠪᠠᠶᠢᠨ᠎ᠠ ᠃ ᠣᠳᠣᠬᠠᠨ ᠳᠤ ᠂ ᠡᠯ᠎ᠡ ᠠᠶᠢᠮᠠᠭ ᠬᠤᠲᠠ ᠶᠢᠨ HPV | ᠸᠠᠺᠼᠢᠨ ᠢ ᠵᠠᠯᠭᠠᠭ᠎ᠠ ᠪᠠᠷ ᠬᠦᠷᠭᠡᠭᠰᠡᠨ ᠪᠣᠯᠬᠤᠷ 11 ᠳ᠋ᠦ᠋ᠭᠡᠷ ᠰᠠᠷ᠎ᠠ ᠶᠢᠨ ᠳᠤᠮᠳᠠᠴᠢ ᠠᠴᠠ ᠡᠬᠢᠯᠡᠨ ︽ ᠮᠦᠩᠬᠡ ᠰᠤᠪᠠᠭ ︾ ᠢᠶᠠᠷ ᠪᠥᠬᠦ ᠣᠷᠣᠨ ᠳᠤ ᠸᠠᠺᠼᠢᠨ ᠤ | ᠲᠠᠷᠢᠯᠭ᠎ᠠ ᠪᠣᠯᠵᠣᠬᠤ ᠳ᠋ᠤᠭᠠᠷ ᠲᠠᠯᠪᠢᠨ᠎ᠠ ᠃ | HPV ᠸᠠᠺᠼᠢᠨ ᠤ ᠲᠠᠷᠢᠯᠭ᠎ᠠ ᠪᠣᠯ ᠰᠠᠪᠠᠨ ᠬᠦᠵᠦᠭᠦᠨ ᠤ ᠥᠮᠡᠨ ᠵᠢᠴᠢ ᠬᠤᠯᠪᠣᠭᠳᠠᠯ ᠪᠦᠬᠦᠢ ᠡᠪᠡᠳᠴᠢᠨ ᠡᠮᠭᠡᠭ ᠤᠳ ᠢ ᠰᠡᠷᠭᠡᠶᠢᠯᠡᠬᠦ ᠪᠦᠲᠦᠮᠵᠢᠲᠡᠶ ᠠᠷᠭ᠎ᠠ | ᠪᠥᠭᠡᠳ ᠲᠣᠰ ᠸᠠᠺᠼᠢᠨ ᠨᠢ ᠡᠭᠡᠯᠢᠯᠡᠭᠡ ᠶᠢᠨ ᠪᠤᠰᠤ ᠲᠥᠯᠥᠪᠯᠡᠭᠡ ᠶᠢᠨ ᠸᠠᠺᠼᠢᠨ ᠮᠥᠨ ᠂ ᠣᠯᠠᠨ ᠲᠦᠮᠡᠨ ᠰᠠᠶᠢᠨ ᠳᠤᠷ᠎ᠠ ᠠᠴᠠ ᠪᠠᠨ ᠥᠪᠡᠷ ᠤᠨ | ᠰᠦᠢᠳᠬᠡᠯ ᠢᠶᠠᠷ ᠢᠶᠠᠨ ᠲᠠᠷᠢᠭᠤᠯᠵᠤ ᠪᠣᠯᠣᠨ᠎ᠠ ᠂ 9 ᠠᠴᠠ 45 ᠨᠠᠰᠤᠨ ᠤ ᠡᠮᠡᠭᠲᠡᠶᠢᠴᠦᠳ ᠲᠤ ᠲᠣᠬᠢᠷᠠᠨ᠎ᠠ ᠃ ᠲᠠᠷᠢᠭᠤᠯᠬᠤ ᠱᠠᠭᠠᠷᠳᠠᠯᠭ᠎ᠠ ᠲᠠᠢ ᠳᠣᠬᠢᠷᠠᠬᠤ | ᠨᠠᠰᠤᠨ ᠤ ᠬᠥᠮᠥᠰ ︽ ᠮᠦᠩᠬᠡ ᠰᠤᠪᠠᠭ ︾ ᠳᠡᠭᠡᠷ᠎ᠡ ᠳᠠᠩᠰᠠᠯᠠᠭᠤᠯᠤᠭᠰᠠᠨ ᠤ ᠳᠠᠷᠠᠭ᠎ᠠ ᠂ ᠲᠦᠷᠦᠭᠦᠤ ᠨᠢᠭᠤᠷ ᠲᠠᠬᠢ HPV ᠸᠠᠺᠼᠢᠨ ᠲᠠᠷᠢᠭᠤᠯᠬᠤ ᠳᠠᠷᠤᠪᠴᠢ ᠶᠢ | ᠳᠠᠷᠤᠵᠤ ᠪᠣᠯᠵᠣᠵᠤ ᠪᠣᠯᠣᠨ᠎ᠠ ᠃ | 9 ᠸᠠᠯᠧᠨ᠋ᠳ᠋ᠲᠤ HPV ᠸᠠᠺᠼᠢᠨ ᠲᠠᠷᠢᠭᠤᠯᠬᠤ ᠬᠥᠮᠥᠨ ᠨᠡᠯᠢᠶᠡᠳ ᠣᠯᠠᠨ ᠪᠣᠯᠬᠤᠷ ᠪᠣᠯᠵᠤᠭ᠎ᠠ ᠦᠭᠡᠢ ᠬᠥᠮᠥᠰ ᠲᠡᠪᠴᠢᠶᠡᠷᠢᠲᠡᠢ ᠬᠦᠯᠢᠶᠡᠮᠦ ᠂ ᠲᠠᠷᠢᠯᠭ᠎ᠠ | ᠪᠣᠯᠵᠣᠬᠤ ᠳ᠋ᠤᠭᠠᠷ ᠢ ᠰᠠᠷ᠎ᠠ ᠪᠦᠷᠢ ᠲᠠᠯᠪᠢᠨ ᠂ ᠸᠠᠺᠼᠢᠨ ᠲᠠᠷᠢᠭᠤᠯᠬᠤ ᠬᠦᠰᠡᠯ ᠲᠠᠢ ᠬᠦᠮᠦᠨ ᠪᠦᠬᠦᠨ ᠳᠤ ᠲᠠᠷᠢᠵᠤ ᠥᠭᠬᠦ ᠪᠠᠷ ᠴᠢᠷᠮᠠᠶᠢᠨ᠎ᠠ ᠭᠡᠵᠦ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠣᠪᠴᠢᠶᠠᠨ ᠠᠴᠠ ᠰᠠᠨᠠᠭᠤᠯᠵᠤ ᠪᠠᠶᠢᠨ᠎ᠠ ᠃ | | | |