| | ᠮᠢᠬᠠᠨ ᠤ ᠴᠤᠷᠪᠠᠭ᠎ᠠ ᠶᠢ ᠲᠡᠵᠢᠭᠡᠬᠦ ᠵᠠᠷᠴᠢᠮ | 1.ᠤᠰᠤᠯᠠᠬᠤ ᠂ ᠡᠬᠢᠯᠡᠵᠤ ᠢᠳᠡᠬᠦᠯᠬᠦ ᠄ ᠰᠠᠶ᠋ᠢ ᠨᠡᠪᠴᠢᠵᠤ ᠭᠠᠷᠤᠭᠰᠠᠨ ᠴᠤᠷᠪᠠᠭ᠎ᠠ ᠶᠢ ᠤᠷᠢᠳ ᠢᠶᠠᠷ ᠤᠰᠤᠯᠠᠵᠤ ᠂ 2 ~3 ᠴᠠᠭ ᠤᠨ ᠲᠠᠷᠠᠭ᠎ᠠ ᠂ 60% | ~70% ᠶᠢᠨ ᠴᠤᠷᠪᠠᠭ᠎ᠠ ᠬᠦᠳᠡᠯᠭᠡᠭᠡᠨ ᠬᠢᠵᠤ ᠢᠳᠡᠰᠢ ᠡᠷᠢᠬᠦ ᠦᠶ᠎ᠡ ᠳᠤ ᠡᠬᠢᠯᠡᠵᠤ ᠢᠳᠡᠰᠢ ᠦᠭᠴᠤ ᠢᠳᠡᠬᠦᠯᠤᠨᠠ ᠃ ᠡᠬᠢᠯᠡᠵᠤ ᠪᠦᠯᠢᠶᠠᠨ ᠤᠰᠤ ᠪᠠᠷ | ᠤᠰᠤᠯᠠᠵᠤ ᠂ ᠨᠦᠬᠦᠴᠠᠯ ᠲᠠᠢ ᠪᠤᠯ ᠲᠡᠭᠡᠷ᠎ᠠ ᠨᠢ ᠦᠵᠤᠮ ᠤᠨ ᠰᠢᠬᠢᠷ ᠪᠠ Vc ᠬᠢᠪᠠᠯ ᠬᠠᠮᠤᠭ ᠰᠠᠶᠢᠨ ᠪᠠᠶᠢᠳᠠᠭ ᠃ 3 ᠡᠳᠤᠷ ᠤᠨ ᠲᠤᠳᠤᠷ᠎ᠠ 2 ᠴᠠᠭ ᠠᠯᠤᠰᠯᠠᠬᠤ | ᠪᠦᠷᠢ 1 ᠪᠤᠷᠳᠤᠭ᠎ᠠ ᠦᠭᠴᠤ ᠂ ᠰᠦᠨᠢ ᠳᠡᠭᠡᠨ 4 ~ 5 ᠴᠠᠭ ᠠᠮᠠᠷᠠᠭᠤᠯᠤᠨ᠎ᠠ ᠃ 3 ᠡᠳᠤᠷ ᠠᠴᠠ ᠬᠤᠶᠢᠰᠢ ᠲᠡᠵᠢᠭᠡᠬᠦ ᠤᠳᠠᠭ᠎ᠠ ᠪᠠᠨ ᠠᠯᠭᠤᠷ ᠬᠠᠰᠤᠵᠤ ᠂ | ᠡᠳᠤᠷ ᠲᠤ 6 ᠤᠳᠠᠭ᠎ᠠ ᠪᠤᠯᠭᠠᠨ᠎ᠠ ᠃ | 2. ︽ ᠪᠦᠬᠦᠨ ᠢ ᠤᠷᠤᠭᠤᠯᠵᠤ ᠂ ᠪᠦᠬᠦᠨ ᠢ ᠭᠠᠷᠭᠠᠬᠤ ᠲᠦᠷᠢᠮ ︾ ᠄ ᠲᠡᠵᠢᠭᠡᠯᠭᠡ ᠶᠢᠨ ᠲᠦᠷᠢᠮ ᠢ ᠬᠡᠷᠡᠭᠵᠢᠬᠦᠯᠬᠦ ᠴᠤᠷᠪᠠᠭᠠᠨ ᠤ ᠡᠬᠦᠷ ᠲᠤ ᠨᠢᠭᠡ ᠪᠦᠯᠥᠭ | ᠠᠳᠠᠯᠢ ᠡᠳᠤᠷ ᠨᠠᠰᠤ ᠲᠠᠢ ᠴᠤᠷᠪᠠᠭ᠎ᠠ ᠶᠢ ᠲᠡᠵᠢᠭᠡᠪᠡᠯ ᠪᠤᠷᠳᠤᠭ᠎ᠠ ᠦᠭᠬᠦ ᠂ ᠭᠡᠷᠡᠯ ᠲᠤᠰᠬᠠᠬᠤ ᠂ ᠬᠢᠵᠢᠭ ᠰᠡᠷᠭᠡᠶᠢᠯᠡᠬᠦ ᠵᠡᠷᠭᠡ ᠳᠤ ᠨᠢᠭᠡᠳᠤᠯᠳᠠᠢ ᠠᠷᠭ᠎ᠠ ᠬᠡᠮᠵᠢᠶ᠎ᠠ | ᠠᠪᠬᠤ ᠳᠤ ᠲᠦᠬᠦᠮ ᠪᠠᠶᠢᠵᠤ ᠂ ᠰᠦᠷᠥᠭ ᠪᠡᠶ᠎ᠠ ᠶᠢᠨ ᠦᠢᠯᠡᠳᠪᠤᠷᠢᠯᠡᠯ ᠤᠨ ᠴᠢᠳᠠᠪᠤᠷᠢ ᠶᠢ ᠲᠡᠭᠡᠭᠰᠢᠯᠡᠬᠦᠯᠤᠨ᠎ᠠ ᠃ ᠮᠦᠨ ᠴᠤ ᠴᠤᠷᠪᠠᠭᠠᠨ ᠤ ᠡᠬᠦᠷ ᠢ ᠴᠡᠪᠡᠷᠯᠡᠨ | ᠠᠷᠢᠭᠤᠳᠬᠠᠵᠤ ᠂ ᠡᠪᠡᠳᠴᠢᠨ ᠤ ᠠᠷᠬᠠᠭ ᠢ ᠲᠠᠰᠤᠯᠬᠤ ᠳᠤ ᠠᠰᠢᠭ ᠲᠠᠢ ᠪᠠᠶᠢᠵᠤ ᠂ ᠡᠪᠡᠳᠴᠢᠯᠡᠬᠦ ᠨᠢ ᠪᠠᠭᠠᠰᠴᠤ ᠂ ᠦᠬᠦᠯᠳᠠ ᠶᠢᠨ ᠨᠤᠷᠮ᠎ᠠ ᠨᠢ ᠲᠤᠷᠤᠭᠰᠢᠯᠠᠨ ᠂ | ᠡᠬᠦᠷ ᠤᠨ ᠠᠰᠢᠭᠯᠠᠮᠵᠢ ᠶᠢ ᠲᠡᠭᠡᠭᠰᠢᠯᠡᠬᠦᠯᠤᠨ᠎ᠠ ᠃ | 3. ᠡᠷᠡᠭᠴᠢᠨ ᠡᠮᠡᠭᠴᠢᠨ ᠴᠤᠷᠪᠠᠭ᠎ᠠ ᠶᠢ ᠢᠯᠭᠠᠨ ᠲᠡᠵᠢᠭᠡᠬᠦ ᠄ ᠡᠷᠡᠭᠴᠢᠨ ᠡᠮᠡᠭᠴᠢᠨ ᠴᠤᠷᠪᠠᠭᠠᠨ ᠤ ᠹᠢᠽᠢᠣᠯᠤᠬᠢ ᠶᠢᠨ ᠠᠵᠢᠯᠯᠠᠭ᠎ᠠ ᠂ ᠬᠤᠷᠮᠤᠨ ᠤ ᠰᠢᠬᠦᠷᠡᠯ ᠂ | ᠴᠤᠬᠢᠴᠠᠬᠤ ᠴᠢᠳᠠᠪᠤᠷᠢ ᠪᠠ ᠲᠡᠵᠢᠭᠡᠯ ᠪᠤᠳᠠᠰ ᠤᠨ ᠱᠠᠭᠠᠷᠳᠠᠯᠭ᠎ᠠ ᠵᠡᠷᠭᠡ ᠲᠠᠯ᠎ᠠ ᠪᠠᠷ ᠪᠦᠷ ᠵᠦᠷᠢᠶ᠎ᠠ ᠲᠠᠢ ᠪᠠᠶᠢᠳᠠᠭ ᠃ ᠬᠡᠷᠪᠡ ᠬᠠᠮᠳᠤ ᠲᠡᠵᠢᠭᠡᠪᠡᠯ ᠦᠰᠤᠯᠳᠠ | ᠪᠤᠶᠢᠵᠢᠯᠳᠠ ᠨᠢ ᠵᠢᠭᠳᠡ ᠪᠤᠰᠤ ᠪᠤᠯᠵᠤ ᠂ ᠪᠤᠳᠠᠭᠠᠯᠢ ᠪᠡᠶ᠎ᠠ ᠶᠢᠨ ᠵᠦᠷᠢᠶ᠎ᠠ ᠶᠡᠭᠡ ᠪᠤᠯᠵᠤ ᠂ ᠴᠤᠷᠪᠠᠭ᠎ᠠ ᠶᠢᠨ ᠪᠤᠷᠤᠯᠠᠭᠤᠯᠤᠯᠳᠠ ᠶᠢ ᠨᠦᠯᠤᠭᠡᠯᠡᠨ᠎ᠠ ᠃ ᠡᠶᠢᠮᠤ ᠠᠴᠠ | ᠡᠷᠡᠭᠴᠢᠨ ᠡᠮᠡᠭᠴᠢᠨ ᠴᠤᠷᠪᠠᠭ᠎ᠠ ᠶᠢ ᠢᠯᠭᠠᠵᠤ ᠲᠡᠵᠢᠭᠡᠪᠡᠯ ᠬᠠᠮᠤᠭ ᠰᠠᠶᠢᠨ ᠪᠠᠶᠢᠳᠠᠭ ᠃ | 4. ᠲᠤᠬᠢᠷᠠᠮᠵᠢᠳᠠᠢ ᠲᠡᠵᠢᠭᠡᠯᠭᠡ ᠶᠢᠨ ᠬᠤᠭᠤᠴᠠᠭ᠎ᠠ ᠶᠢ ᠰᠤᠩᠭᠤᠬᠤ ᠄ ᠮᠢᠬᠠᠨ ᠤ ᠴᠤᠷᠪᠠᠭ᠎ᠠ ᠶᠢᠨ ᠲᠡᠵᠢᠭᠡᠯᠭᠡ ᠶᠢᠨ ᠬᠤᠭᠤᠴᠠᠭ᠎ᠠ ᠨᠢ ᠦᠢᠯᠡᠳᠪᠤᠷᠢᠯᠡᠯ ᠤᠨ ᠬᠢᠷᠢ | ᠬᠡᠮᠵᠢᠶ᠎ᠠ ᠠᠴᠠ ᠲᠤᠭᠳᠠᠭᠠᠭᠳᠠᠵᠤ ᠂ ᠠᠵᠤ ᠠᠬᠤᠢ ᠶᠢᠨ ᠤᠷᠤᠯᠭ᠎ᠠ ᠶᠢ ᠰᠢᠭᠤᠳ ᠨᠦᠯᠤᠭᠡᠯᠡᠨ᠎ᠠ ᠃ | 5. ᠮᠦᠬᠦᠯᠢᠭ ᠪᠤᠷᠳᠤᠭ᠎ᠠ ᠶᠢ ᠬᠡᠷᠡᠭᠯᠡᠬᠦ ᠄ ᠮᠦᠬᠦᠯᠢᠭ ᠪᠤᠷᠳᠤᠭ᠎ᠠ ᠨᠢ ᠰᠢᠮ᠎ᠠ ᠲᠡᠵᠢᠭᠡᠯ ᠬᠦᠢᠴᠡᠳ ᠂ ᠬᠠᠷᠢᠴᠠᠯ ᠨᠢ ᠲᠤᠭᠳᠠᠪᠤᠷᠢᠳᠠᠢ ᠂ ᠪᠤᠷᠳᠤᠭ᠎ᠠ ᠰᠤᠩᠭᠤᠵᠤ | ᠢᠳᠡᠬᠦ ᠦᠵᠡᠭᠳᠡᠯ ᠭᠠᠷᠬᠤ ᠦᠭᠡᠢ ᠲᠤᠯᠠ ᠰᠦᠢᠳᠤᠯ ᠨᠢ ᠪᠠᠭ᠎ᠠ ᠃ ᠡᠶᠢᠮᠤ ᠠᠴᠠ ᠲᠡᠬᠦᠨ ᠢ ᠬᠡᠷᠡᠭᠯᠡᠪᠡᠯ ᠴᠤᠷᠪᠠᠭᠠᠨ ᠤ ᠬᠦᠨᠳᠤ ᠶᠢᠨ ᠨᠡᠮᠡᠭᠳᠡᠯ ᠨᠢ ᠮᠡᠳᠡᠭᠳᠡᠭᠦ᠋ᠢᠴᠠ | ᠢᠯᠡᠷᠬᠡᠢ ᠪᠠᠶᠢᠳᠠᠭ ᠃ | ︵ ︽ ᠲᠠᠬᠢᠶ᠎ᠠ ᠲᠡᠵᠢᠭᠡᠬᠦ ᠮᠡᠷᠭᠡᠵᠢᠯ ︾ ᠠᠴᠠ ᠰᠡᠶᠢᠷᠡᠬᠦᠯᠪᠡ ︶ | | |