| ᠵᠢᠷᠦᠬᠡ ᠪᠤᠯ ᠬᠦᠮᠦᠨ ᠤ ᠡᠷᠡᠬᠦᠯ ᠡᠩᠬᠡ ᠶᠠᠪᠤᠬᠤ ᠶᠢᠨ ᠪᠡᠯᠭᠡ ᠲᠡᠮᠳᠡᠭ ᠪᠤᠯᠤᠨ᠎ᠠ ᠃ ᠵᠦᠪᠬᠡᠨ ᠵᠢᠷᠦᠬᠡ ᠡᠷᠡᠬᠦᠯ ᠪᠠᠶᠢᠮᠠᠨᠵᠢᠨ ᠪᠦᠬᠦ ᠪᠡᠶ᠎ᠡ ᠶᠢᠨ ᠡᠯ᠎ᠡ ᠵᠦᠢᠯ ᠤᠨ | ᠹᠢᠽᠢᠥᠯᠤᠬᠢ ᠶᠢᠨ ᠠᠵᠢᠯᠯᠠᠭ᠎ᠠ ᠰᠠᠶ᠋ᠢ ᠬᠡᠪ ᠤᠨ ᠪᠠᠶᠢᠳᠠᠯ ᠢᠶᠠᠷ ᠶᠠᠪᠤᠭᠳᠠᠵᠤ ᠴᠢᠳᠠᠨ᠎ᠠ ᠃ | ᠵᠢᠷᠦᠬᠡᠨ ᠳᠤ ᠬᠤᠤᠷᠲᠦ ᠪᠤᠳᠠᠰ ᠬᠤᠷᠠᠭᠰᠠᠨ ᠢᠯᠡᠷᠡᠯ ᠄ | 1. ᠬᠡᠯᠡ ᠰᠢᠷᠬᠠᠯᠠᠬᠤ ᠃ ᠡᠮᠨᠡᠯᠭᠡ ᠶᠢᠨ ᠤᠬᠠᠭᠠᠨ ᠳᠤ ᠬᠡᠯᠡ ᠪᠤᠯᠤᠨ ᠵᠢᠷᠦᠬᠡ ᠨᠢ ᠨᠢᠭᠳᠠ ᠬᠠᠷᠢᠴᠠᠭ᠎ᠠ ᠲᠠᠢ ᠂ ᠡᠶᠢᠮᠦ ᠠᠴᠠ ᠬᠡᠯᠡ ᠰᠢᠷᠬᠠᠯᠠᠪᠠᠯ ᠶᠡᠷᠦ ᠳᠡᠭᠡᠨ | ᠵᠢᠷᠦᠬᠡᠨ ᠳᠤ ᠬᠠᠯᠠᠭᠤᠨ ᠰᠢᠷᠭᠤᠭᠰᠠᠨ ᠠᠴᠠ ᠪᠤᠯᠤᠭᠰᠠᠨ ᠭᠡᠵᠦ ᠦᠵᠡᠳᠡᠭ ᠃ | 2. ᠮᠠᠩᠨᠠᠢ ᠲᠡᠭᠡᠷ᠎ᠡ ᠰᠡᠪᠬᠡ ᠭᠠᠷᠬᠤ ᠃ ᠮᠠᠩᠨᠠᠢ ᠨᠢ ᠵᠢᠷᠦᠬᠡᠨ ᠤ ᠰᠢᠭᠤᠳ ᠬᠠᠷᠢᠶ᠎ᠠ ᠤᠷᠤᠨ ᠪᠤᠯᠤᠨ᠎ᠠ ᠂ ᠵᠢᠷᠦᠬᠡᠨ ᠤ ᠬᠠᠯᠠᠭᠤᠨ ᠶᠡᠬᠡᠰᠭᠦ ᠪᠠᠷ ᠬᠠᠷᠢᠶ᠎ᠠ ᠤᠷᠤᠨ ᠨᠢ | ᠴᠦ ᠬᠠᠯᠠᠭᠤᠨ ᠳᠤ ᠲᠠᠭᠠᠷᠢᠭᠳᠠᠵᠤ ᠂ ᠰᠡᠪᠬᠡ ᠶᠢᠨ ᠬᠡᠯᠪᠡᠷᠢ ᠪᠠᠷ ᠢᠯᠡᠷᠡᠳᠡᠭ ᠃ | 3. ᠨᠦᠢᠷ ᠬᠤᠯᠵᠢᠬᠤ ᠂ ᠭᠤᠤᠯ ᠲᠡᠯᠡᠰᠭᠦ ᠃ ᠵᠢᠷᠦᠬᠡ ᠪᠤᠯ ᠵᠤᠭᠰᠤᠭ᠎ᠠ ᠦᠭᠡᠢ ᠠᠵᠢᠯᠯᠠᠵᠤ ᠪᠠᠶᠢᠳᠠᠭ ᠂ ᠵᠢᠷᠦᠬᠡᠨ ᠳᠤ ᠬᠠᠯᠠᠭᠤᠨ ᠰᠢᠷᠭᠤᠭᠠᠳ | ᠭᠠᠳᠠᠭᠰᠢᠯᠠᠭᠤᠯᠵᠤ ᠲᠡᠶᠢᠯᠬᠦ ᠦᠭᠡᠢ ᠦᠶ᠎ᠡ ᠳᠤ ᠲᠠᠭᠠᠲᠠᠢ ᠤᠨᠳᠠᠬᠤ ᠪᠤᠯᠤᠮᠵᠢ ᠦᠭᠡᠢ ᠪᠤᠯᠳᠠᠭ ᠃ | 4. ᠴᠡᠭᠡᠵᠢ ᠪᠢᠲᠡᠭᠦᠷᠡᠬᠦ ᠪᠤᠶᠤ ᠬᠠᠳᠬᠤᠯᠠᠬᠤ ᠃ ᠵᠢᠷᠦᠬᠡᠨ ᠲᠤᠳᠤᠷ᠎ᠠ ᠴᠢᠰᠤ ᠪᠦᠭᠡᠮᠨᠡᠷᠡᠬᠦ ᠪᠠᠶᠢᠳᠠᠯ ᠭᠠᠷᠬᠤ ᠪᠤᠯ ᠮᠦᠨ ᠬᠤᠤᠷᠲᠦ ᠪᠤᠳᠠᠰ ᠬᠤᠷᠠᠭᠰᠠᠨ ᠠᠴᠠ | ᠪᠤᠯᠳᠠᠭ ᠂ ᠡ᠊ᠨᠡ ᠦᠶ᠎ᠡ ᠳᠤ ᠬᠦᠡᠭᠭᠡᠨ ᠰᠢᠭ ᠪᠤᠯ ᠴᠡᠭᠡᠵᠢ ᠪᠢᠲᠡᠭᠦᠷᠡᠵᠦ ᠂ ᠬᠦᠨᠳᠦ ᠰᠢᠭ ᠪᠤᠯ ᠬᠠᠳᠬᠤᠯᠠᠵᠤ ᠡᠪᠡᠳᠬᠦ ᠪᠠᠶᠢᠳᠠᠯ ᠭᠠᠷᠳᠠᠭ ᠃ | ᠲᠡᠭᠡᠪᠡᠯ ᠵᠢᠷᠦᠬᠡᠨ ᠳᠤ ᠬᠤᠷᠠᠭᠰᠠᠨ ︽ ᠬᠤᠭ ᠨᠤᠪᠰᠢ ︾ ᠶᠢ ᠶᠠᠭᠠᠬᠢᠵᠦ ᠴᠡᠪᠡᠷᠯᠡᠬᠦ ᠪᠤᠢ ︖ | 1. ᠭᠠᠰᠢᠭᠤᠨ ᠢ ᠢᠳᠡᠪᠡᠯ ᠬᠤᠤᠷ ᠢ ᠲᠠᠭᠤᠨ᠎ᠠ ᠃ ᠯᠢᠩᠬᠤᠸ᠎ᠠ ᠶᠢᠨ ᠦᠷ᠎ᠠ ᠶᠢᠨ ᠴᠦᠮ᠎ᠡ ᠶᠢ ᠭᠤᠤᠯ ᠪᠤᠯᠭᠠᠵᠦ ᠲᠠᠨᠢᠯᠴᠠᠭᠤᠯᠤᠶ᠎ᠠ ᠄ ᠲᠡᠷᠡ ᠨᠢ ᠭᠠᠰᠢᠭᠤᠨ | ᠠᠮᠳᠠ ᠲᠠᠢ ᠂ ᠵᠢᠷᠦᠬᠡᠨ ᠤ ᠬᠠᠯᠠᠭᠤᠨ ᠢ ᠲᠠᠭᠤᠬᠤ ᠦᠢᠯᠡᠳᠦᠯ ᠲᠠᠢ ᠂ ᠬᠦᠢᠳᠡᠨ ᠴᠢᠨᠠᠷ ᠲᠠᠢ ᠪᠤᠯᠪᠠᠴᠦ ᠬᠦᠮᠦᠨ ᠤ ᠠᠷᠭ᠎ᠠ ᠬᠡᠢ ᠶᠢ ᠬᠤᠬᠢᠷᠠᠭᠤᠯᠳᠠᠭ ᠦᠭᠡᠢ ᠪᠤᠯᠬᠤᠷ | ᠵᠢᠷᠦᠬᠡᠨ ᠤ ᠬᠠᠯᠠᠭᠤᠨ ᠪᠤᠶᠤ ᠬᠤᠤᠷ ᠢ ᠲᠠᠭᠤᠬᠤ ᠬᠠᠮᠤᠭ ᠤᠨ ᠰᠠᠶᠢᠨ ᠢᠳᠡᠭᠡᠨ ᠳᠤ ᠲᠤᠭᠠᠴᠠᠭᠳᠠᠳᠠᠭ ᠃ ᠯᠢᠩᠬᠤᠸ᠎ᠠ ᠶᠢᠨ ᠦᠷ᠎ᠡ ᠶᠢᠨ ᠴᠦᠮ᠎ᠡ ᠪᠠᠷ ᠴᠠᠢ ᠴᠢᠯᠡᠵᠤ | ᠤᠤᠭᠤᠵᠤ ᠪᠤᠯᠤᠨ᠎ᠠ ᠂ ᠪᠠᠭ᠎ᠠ ᠰᠠᠭ᠎ᠠ ᠬᠤᠯᠤᠰᠤᠨ ᠨᠠᠪᠴᠢ ᠪᠤᠶᠤ ᠲᠦᠭᠦᠬᠡᠢ ᠵᠡᠭᠡᠷᠭᠡᠨ᠎ᠡ ᠪᠠᠷ ᠬᠠᠴᠢᠷᠯᠠᠪᠠᠯ ᠯᠢᠩᠬᠤᠸ᠎ᠠ ᠶᠢᠨ ᠦᠷ᠎ᠡ ᠶᠢᠨ ᠴᠦᠮ᠎ᠡ ᠶᠢᠨ ᠬᠤᠤᠷ ᠢ | ᠲᠠᠭᠤᠬᠤ ᠦᠢᠯᠡᠳᠦᠯ ᠢ ᠨᠢ ᠨᠡᠮᠡᠭᠳᠡᠭᠦᠯᠤᠨ᠎ᠠ ᠃ | 2. ᠵᠢᠷᠦᠬᠡᠨ ᠤ ᠬᠤᠤᠷ ᠢ ᠲᠠᠭᠤᠬᠤ ᠪᠠᠯᠴᠢᠷ ᠢ ᠨᠤᠬᠤᠯᠠᠨ᠎ᠠ ᠃ ᠡᠨᠡ ᠨᠢ ᠭᠠᠷ ᠤᠨ ᠠᠯᠠᠭᠠᠨ ᠳᠤ 4 ᠪᠡ 5 ᠳ᠋ᠤᠭᠠᠷ ᠠᠯᠠᠭᠠᠨ ᠶᠠᠰᠤᠨ ᠤ ᠬᠤᠭᠤᠷᠤᠨᠳᠦ ᠂ | ᠨᠢᠳᠤᠷᠭ᠎ᠠ ᠪᠠᠨ ᠵᠠᠩᠭᠢᠳᠬᠤ ᠦᠶ᠎ᠡ ᠳᠤ ᠰᠢᠭᠡᠵᠢ ᠂ ᠢᠳᠡᠮ ᠬᠤᠷᠤᠭᠤᠨ ᠤ ᠦᠵᠦᠭᠦᠷ ᠤᠨ ᠬᠤᠭᠤᠷᠤᠨᠳᠦ ᠪᠠᠶᠢᠳᠠᠭ ᠃ ᠡ᠊ᠨᠡ ᠪᠠᠯᠴᠢᠷ ᠢ ᠪᠠᠷᠠᠭᠤᠨ ᠵᠡᠭᠦᠨ ᠭᠠᠷ ᠢᠶᠠᠨ | ᠡᠭᠡᠯᠵᠢᠯᠡᠨ ᠨᠡᠯᠢᠶᠡᠳ ᠬᠦᠴᠦᠲᠡᠢ ᠨᠤᠬᠤᠯᠠᠬᠤ ᠬᠡᠷᠡᠭᠳᠡᠢ ᠃ | 3. ᠨᠤᠭᠤᠭᠠᠨ ᠪᠤᠷᠴᠠᠭ ᠨᠢ ᠰᠢᠭᠡᠬᠦ ᠶᠢ ᠰᠠᠶᠢᠵᠢᠷᠠᠭᠤᠯᠵᠤ ᠬᠤᠤᠷ ᠢ ᠲᠠᠭᠤᠳᠠᠭ ᠃ ᠨᠤᠭᠤᠭᠠᠨ ᠪᠤᠷᠴᠠᠭ ᠨᠢ ᠰᠢᠭᠡᠬᠦ ᠶᠢ ᠰᠠᠶᠢᠵᠢᠷᠠᠭᠤᠯᠬᠤ ᠪᠠᠷ ᠲᠠᠮᠵᠢᠨ | ᠵᠢᠷᠦᠬᠡᠨ ᠳᠤ ᠬᠤᠷᠠᠭᠰᠠᠨ ᠬᠤᠤᠷᠲᠦ ᠪᠤᠳᠠᠰ ᠢ ᠵᠠᠳᠠᠷᠠᠭᠤᠯᠤᠨ ᠭᠠᠳᠠᠭᠰᠢᠯᠠᠭᠤᠯᠳᠠᠭ ᠃ ᠨᠤᠭᠤᠭᠠᠨ ᠪᠤᠷᠴᠠᠭ ᠢ ᠵᠤᠳᠠᠩ ᠂ ᠱᠦᠯᠦ ᠮᠡᠲᠦ ᠰᠢᠩᠭᠡᠨ ᠪᠠᠶᠢᠳᠠᠯ ᠢᠶᠠᠷ | ᠢᠳᠡᠪᠡᠯ ᠰᠠᠶᠢᠨ ᠂ ᠬᠠᠷᠢᠨ ᠨᠤᠭᠤᠭᠠᠨ ᠪᠤᠷᠴᠠᠭ ᠤᠨ ᠪᠤᠭᠤᠷᠰᠤᠭ ᠤᠨ ᠦᠢᠯᠡᠳᠦᠯ ᠨᠢ ᠪᠠᠷᠤᠭᠳᠠᠢ ᠪᠠᠶᠢᠳᠠᠭ ᠃ | 4. ᠦᠳᠡ ᠶᠢᠨ 11~13 ᠴᠠᠭ ᠪᠤᠯ ᠵᠢᠷᠦᠬᠡ ᠬᠠᠮᠤᠭ ᠤᠨ ᠡᠷᠴᠢᠮ ᠲᠠᠢ ᠪᠠᠶᠢᠳᠠᠭ ᠬᠤᠭᠤᠴᠠᠭ᠎ᠠ ᠪᠤᠯᠤᠨ᠎ᠠ ᠂ ᠡᠶᠢᠮᠦ ᠠᠴᠠ ᠰᠠᠮᠤᠷ ᠂ ᠰᠢᠷ᠎ᠠ ᠪᠤᠷᠴᠠᠭ ᠂ ᠬᠠᠷ᠎ᠠ | ᠮᠠᠭᠠᠵᠢ ᠂ ᠬᠠᠷ᠎ᠠ ᠴᠢᠪᠠᠭ᠎ᠠ ᠂ ᠯᠢᠩᠬᠤᠸ᠎ᠠ ᠶᠢᠨ ᠦᠷ᠎ᠡ ᠮᠡᠲᠦ ᠶᠢᠨ ᠵᠢᠷᠦᠬᠡ ᠶᠢ ᠬᠠᠮᠠᠭᠠᠯᠠᠵᠤ ᠂ ᠬᠤᠤᠷ ᠢ ᠲᠠᠭᠤᠳᠠᠭ ᠢᠳᠡᠭᠡᠨ ᠢ ᠵᠤᠬᠢᠬᠤ ᠬᠡᠮᠵᠢᠶ᠎ᠡ ᠪᠠᠷ ᠢᠳᠡᠵᠦ | ᠪᠤᠯᠤᠨ᠎ᠠ ᠃ | ︵ ᠡᠭᠡ ᠪᠢᠴᠢᠭ ᠢ ︽ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ ︾ ᠠᠴᠠ ᠰᠢᠯᠵᠢᠬᠦᠯᠪᠡ ︶ | | | |