| 1.ᠬᠤᠭᠤᠯᠠ ᠢᠳᠡᠭᠰᠡᠨ ᠤ ᠳᠠᠷᠠᠭ᠎ᠠ ᠬᠡᠷᠡᠮ ᠲᠠᠢ ᠨᠠᠭᠠᠯᠳᠣᠵᠦ | ᠵᠤᠬᠰᠣᠬᠤ ᠨᠢ᠂ ᠮᠠᠷᠢᠶ᠎ᠠ ᠰᠢᠭᠤᠷᠠᠭᠤᠯᠵᠤ ᠰᠢᠩᠭᠡᠭᠡᠯᠲᠡ ᠶᠢ | ᠰᠠᠶᠢᠵᠢᠷᠠᠭᠤᠯᠤᠨ᠎ᠠ᠃ ᠡᠬᠢᠯᠡᠬᠡᠳ 5 ᠮᠢᠨᠦ᠋ᠲ᠂ | ᠤᠳᠠᠭᠠᠨ ᠳᠠᠭᠠᠨ 10 ᠠᠴᠠ 15 ᠮᠢᠨᠦ᠋ᠲ ᠵᠤᠬᠰᠣᠨ᠎ᠠ᠃ | ᠵᠣᠭᠰᠣᠬᠤ ᠳᠠᠭᠠᠨ ᠲᠡᠭᠰᠢ ᠤᠯᠠ ᠲᠠᠢ ᠱᠠᠬᠠᠢ ᠡᠮᠦᠰᠬᠦ ᠶᠢ | ᠠᠩᠬᠠᠷᠬᠤ ᠬᠡᠷᠡᠭᠲᠡᠢ᠃ | 2.ᠬᠡᠷᠡᠮ ᠲᠠᠢ ᠨᠠᠭᠠᠯᠳᠣᠵᠦ ᠵᠤᠬᠰᠣᠬᠤ ᠨᠢ ᠨᠢᠷᠣᠭᠤ ᠰᠡᠭᠡᠷ ᠢ | ᠠᠮᠠᠷᠠᠭᠤᠯᠳᠠᠭ᠃ ᠪᠡᠭᠡᠵᠢᠩ ᠤᠨ ᠾᠧ ᠰᠢᠶᠧ ᠡᠮᠨᠡᠯᠭᠡ ᠶᠢᠨ | ᠬᠤᠷᠢᠶᠠᠨ ᠤ ᠰᠢᠮ᠎ᠡ ᠲᠡᠵᠢᠭᠡᠯ ᠤᠨ ᠰᠠᠯᠠᠭᠠᠨ ᠤ ᠡᠷᠬᠢᠯᠡᠭᠴᠢ | ᠡᠮᠴᠢ ᠴᠧᠨ ᠸᠧᠢ ᠶᠢᠨ ᠲᠠᠨᠢᠯᠴᠠᠭᠤᠯᠤᠭᠰᠠᠨ ᠢᠶᠠᠷ᠂ | ᠬᠡᠷᠡᠮ ᠲᠠᠢ ᠨᠠᠭᠠᠯᠳᠣᠵᠦ ᠵᠣᠭᠰᠣᠪᠠᠯ ᠬᠦᠵᠦᠭᠦᠦ ᠰᠡᠭᠡᠷ | ᠪᠣᠯᠣᠨ ᠪᠦᠰᠡᠯᠡᠭᠦᠷ ᠨᠢᠷᠤᠭᠤ ᠶᠢ ᠭᠦᠢᠴᠡᠳ ᠠᠮᠠᠷᠠᠭᠤᠯᠵᠦ | ᠴᠢᠳᠠᠳᠠᠭ ᠶᠤᠮ ᠪᠠᠶᠢᠨ᠎ᠠ᠃ | 3.ᠬᠡᠷᠡᠮ ᠲᠠᠢ ᠨᠠᠭᠠᠯᠳᠣᠵᠦ ᠵᠤᠬᠰᠣᠬᠤ ᠳᠠᠭᠠᠨ᠂ | ᠨᠢᠷᠤᠭᠤ ᠪᠠᠨ ᠰᠠᠨᠠᠭᠠᠴᠢᠯᠠᠭ᠎ᠠ ᠠᠴᠠ ᠪᠠᠨ ᠳᠡᠭᠰᠢᠯᠡᠬᠦ | ᠭᠡᠷᠡᠭᠳᠡᠢ᠃ ᠡᠮᠴᠢ ᠶᠢᠨ ᠲᠠᠨᠢᠯᠴᠠᠭᠤᠯᠤᠭᠰᠠᠨ ᠢᠶᠠᠷ᠂ | ᠬᠡᠷᠡᠮ ᠲᠠᠢ ᠨᠠᠭᠠᠯᠳᠣᠵᠦ ᠵᠣᠭᠰᠣᠬᠤ ᠦᠶ᠎ᠡ | ᠰᠠᠨᠠᠭᠠᠴᠢᠯᠠᠭ᠎ᠠ ᠠᠴᠠ ᠪᠠᠨ ᠰᠡᠭᠡᠷ ᠢᠶᠠᠨ ᠵᠠᠰᠠᠵᠤ | ᠪᠤᠯᠳᠠᠭ᠂ ᠤᠴᠢᠷ ᠨᠢ ᠬᠦᠮᠦᠰ ᠰᠡᠭᠡᠷ ᠨᠢᠷᠤᠭᠤ ᠪᠠᠨ | ᠬᠠᠵᠠᠶᠢᠯᠭᠠᠵᠦ ᠵᠤᠬᠰᠣᠬᠤ ᠳᠣᠷᠠᠳᠠᠢ ᠪᠠᠶᠢᠵᠤ᠂ ᠬᠡᠷᠡᠮ ᠲᠠᠢ | ᠨᠠᠭᠠᠯᠳᠣᠵᠦ ᠵᠣᠭᠰᠣᠬᠤ ᠨᠢ ᠰᠡᠭᠡᠷ ᠨᠢᠷᠤᠭᠤ ᠶᠢ ᠵᠣᠬᠢᠬᠤ | ᠬᠡᠮᠵᠢᠶ᠎ᠡ ᠪᠠᠷ ᠳᠡᠭᠰᠢᠯᠡᠬᠦ ᠪᠠ ᠵᠠᠰᠠᠬᠤ ᠦᠢᠯᠡᠳᠦᠯ ᠲᠠᠢ | ᠪᠠᠶᠢᠳᠠᠭ ᠶᠤᠮ ᠪᠠᠶᠢᠨ᠎ᠠ᠃ | 4. ᠬᠡᠷᠡᠮ ᠲᠠᠢ ᠨᠠᠭᠠᠯᠳᠣᠵᠦ ᠵᠤᠬᠰᠣᠬᠤ ᠨᠢ ᠪᠥᠭᠲᠥᠷ | ᠪᠥᠭᠴᠥᠭᠡᠷ ᠢ ᠵᠠᠰᠠᠨ᠎ᠠ᠃ ᠪᠠᠭ᠎ᠠ ᠰᠠᠭ᠎ᠠ ᠪᠥᠭᠲᠥᠷ ᠢ | ᠬᠡᠷᠡᠮ ᠲᠠᠢ ᠨᠠᠭᠠᠯᠳᠣᠵᠦ ᠵᠤᠬᠰᠣᠭᠠᠳ ᠵᠠᠰᠠᠵᠦ ᠪᠤᠯᠳᠠᠭ | ᠮᠦᠷᠳᠡᠬᠡᠨ ᠦᠷ᠎ᠡ ᠳ᠋ᠦᠩ ᠨᠢ ᠨᠡᠯᠢᠶᠡᠳ ᠵᠦᠭᠡᠷ ᠪᠠᠶᠢᠳᠠᠭ ᠶᠤᠮ᠃ | 5.ᠬᠡᠷᠡᠮ ᠲᠠᠢ ᠨᠠᠭᠠᠯᠳᠣᠵᠦ ᠵᠣᠭᠰᠣᠪᠠᠯ ᠠᠯᠬᠤᠭ᠎ᠠ | ᠭᠢᠰᠬᠢᠭᠡ ᠪᠠᠨ ᠵᠠᠰᠠᠵᠦ ᠪᠤᠯᠳᠠᠭ᠃ ᠣᠳᠣᠬᠠᠨ ᠳᠤ ᠣᠯᠠᠨ | ᠬᠦᠮᠦᠰ ᠤᠨ ᠠᠯᠬᠤᠵᠦ ᠬᠢᠰᠬᠢᠬᠦ ᠨᠢ ᠡᠪ ᠦᠬᠡᠢ ᠪᠠᠶᠢᠵᠦ᠂ | ᠦᠷᠭᠦᠯᠵᠢ ᠬᠡᠷᠡᠮ ᠲᠠᠢ ᠨᠠᠭᠠᠯᠳᠣᠵᠦ ᠵᠤᠬᠰᠣᠪᠠᠯ ᠲᠡᠭᠦᠨ ᠢ | ᠵᠠᠰᠠᠵᠦ ᠪᠤᠯᠳᠠᠭ ᠶᠤᠮ ᠪᠠᠶᠢᠨ᠎ᠠ᠃ | | | |