ᠳᠠᠯᠤ ᠶᠢᠨ ᠶᠠᠰᠤ ᠶᠢ ᠢᠳᠡᠬᠦ ᠶᠤᠰᠤᠨ
ᠨᠡᠶᠢᠲᠡᠯᠡᠭᠰᠡᠨ ᠴᠠᠭ᠄
2023/10/25
           ᠮᠣᠩᠭᠤᠯᠴᠤᠳ ᠳᠠᠯᠤ ᠶᠢᠨ ᠮᠢᠬ᠎ᠠ ᠶᠢ ᠢᠳᠡᠬᠦ ᠳᠤ ᠪᠠᠰᠠ ᠳᠤᠰᠬᠠᠢ ᠶᠤᠰᠤ ᠲᠠᠢ᠃ ᠲᠡᠳᠡ ᠳᠠᠯᠤ ᠶᠢᠨ ᠮᠢᠬ᠎ᠠ ᠶᠢ ᠳᠠᠯᠦ ᠶᠢᠨ ᠬᠠᠭᠤᠳᠠᠰᠤ ᠭᠡᠳᠡᠭ᠃ ᠳᠠᠯᠤ ᠶᠢᠨ ᠬᠠᠭᠤᠳᠠᠰᠤ ᠶᠢ ︽ᠳᠠᠯᠠᠨ ᠬᠦᠮᠦᠨ ᠢᠳᠡᠨ᠎ᠡ︾ ᠭᠡᠳᠡᠭ ᠤᠯᠠᠮᠵᠢᠯᠠᠯ ᠲᠠᠢ᠃ ᠡᠶᠢᠮᠦ ᠠᠴᠠ ᠳᠠᠯᠤ ᠶᠢ ᠬᠡᠳᠦ᠋ᠢᠪᠡᠷ ᠭᠡᠷ ᠤᠨ ᠨᠠᠰᠤᠳᠠᠨ ᠳᠤ ᠠᠶᠠᠭᠠᠯᠠᠳᠠᠭ ᠪᠤᠯᠪᠠᠴᠦ ᠭᠡᠷ ᠤᠨ ᠨᠠᠰᠤᠳᠠᠨ ᠨᠢ ᠬᠠᠷᠢᠨ ᠳᠠᠯᠤ ᠶᠢᠨ ᠬᠠᠭᠤᠳᠠᠰᠤ ᠶᠢ ᠭᠡᠰᠡᠭ ᠬᠡᠰᠡᠭ ᠢᠶᠠᠨ ᠬᠠᠭᠤᠯᠵᠦ᠂ ᠭᠡᠷ ᠤᠨ ᠬᠦᠮᠦᠰ ᠪᠤᠶᠤ ᠤᠨᠴᠠᠭᠠᠶᠢᠯᠠᠨ ᠭᠡᠤᠭᠡᠳ ᠪᠠᠭᠠᠴᠤᠳ ᠲᠤ ᠬᠠᠭᠤᠳᠠᠰᠤ ᠬᠠᠭᠤᠳᠠᠰᠤ ᠪᠠᠷ ᠬᠤᠪᠢᠶᠠᠵᠦ ︽ᠳᠠᠯᠤ ᠶᠢᠨ ᠬᠠᠭᠤᠳᠠᠰᠤ︾ ᠭᠡᠵᠦ ︽ᠳᠠᠯᠤ ᠶᠢ ᠳᠠᠯᠠᠭᠤᠯᠠ ᠬᠤᠪᠢᠶᠠᠨ᠎ᠠ︾ ᠭᠡᠵᠦ ᠬᠡᠯᠡᠳᠡᠭ᠃ ᠮᠣᠩᠭᠤᠯᠴᠤᠳ ᠤᠨ ᠲᠡᠤᠬᠡᠨ ᠳᠡᠭᠡᠷ᠎ᠡ ᠳᠠᠯᠤ ᠶᠢᠨ ᠬᠠᠭᠤᠳᠠᠰᠤ ᠳᠠᠯᠠᠨ ᠬᠦᠮᠦᠨ ᠢ ᠴᠠᠳᠬᠠᠭᠰᠠᠨ ᠦᠯᠢᠭᠡᠷ ᠪᠠᠶᠢᠳᠠᠭ᠃ ᠡᠨᠡ ᠨᠢ ᠳᠠᠯᠦ ᠶᠢᠨ ᠮᠢᠬ᠎ᠠ ᠶᠢ ᠬᠤᠪᠢᠶᠠᠵᠦ ᠢᠳᠡᠬᠦ ᠨᠢ ᠪᠡᠯᠭᠡ ᠳᠡᠮᠪᠡᠷᠢᠯ ᠲᠠᠢ ᠶᠠᠪᠤᠳᠠᠯ ᠭᠡᠳᠡᠭ ᠵᠤᠷᠰᠢᠯ ᠲᠠᠢ ᠪᠤᠯᠭᠠᠵᠦ᠂ ᠳᠠᠯᠤ ᠶᠢᠨ ᠶᠠᠰᠤ ᠶᠢ ᠢᠳᠡᠬᠦ ᠶᠤᠰᠤᠨ ᠪᠤᠯᠤᠭᠰᠠᠨ ᠪᠠᠶᠢᠨ᠎ᠠ᠃ 
ᠢᠷᠡᠯᠲᠡ᠄ ᠦᠵᠦᠮᠦᠴᠢᠨ ᠠᠶᠢᠮᠠᠭ ᠨᠣᠮ ᠠᠴᠠ