ᠮᠤᠩᠭᠤᠯ ᠦᠨᠳᠦᠰᠦᠲᠡᠨ ᠤ ᠤᠷᠤᠬ ᠬᠤᠷᠢᠮ ᠤᠨ ᠶᠤᠰᠤᠯᠠᠯ ᠪᠤᠯ ᠮᠤᠩᠭᠤᠯ ᠦᠨᠳᠦᠰᠦᠲᠡᠨ ᠤ ᠦᠷ᠎ᠡ ᠬᠡᠦᠭᠡᠳ ᠤᠨ ᠢᠶᠠᠨ ᠠᠶᠢᠯ ᠡᠷᠦᠭᠡ ᠪᠤᠰᠬᠠᠬᠤ ᠳᠤ | ᠵᠤᠷᠢᠭᠤᠯᠤᠬᠰᠠᠨ ᠨᠢᠭᠡ ᠵᠦᠢᠯ ᠤᠨ ᠴᠢᠬᠤᠯᠠ ᠶᠡᠭᠡ ᠶᠤᠰᠤᠯᠠᠯ ᠤᠨ ᠬᠦᠳᠡᠯᠭᠡᠭᠡᠨ ᠪᠤᠯᠤᠨ᠎ᠠ᠃ ᠡᠬᠦᠨ ᠳᠤ ᠭᠤᠤᠯᠳᠠᠭᠤ᠄ ᠤᠷᠤᠬ ᠭᠤᠶᠤᠬᠤ᠂ ᠤᠷᠤᠬ ᠳᠤᠬᠳᠠᠬᠤ᠂ | ᠪᠠᠭ᠎ᠠ ᠨᠠᠶᠢᠷ᠂ ᠬᠤᠷᠢᠮ ᠤᠨ ᠶᠤᠰᠤᠯᠠᠯ᠂ ᠡᠷᠬᠢᠬᠦ ᠶᠤᠰᠤᠯᠠᠯ ᠵᠡᠷᠭᠡ ᠪᠠᠭᠳᠠᠨ᠎ᠠ᠃ | ᠤᠷᠤᠬ ᠭᠤᠶᠤᠬᠤ ᠨᠢ ᠡᠷᠡᠭᠲᠡᠢ ᠡᠮᠡᠭᠲᠠᠢ ᠵᠠᠯᠠᠭᠤᠴᠤᠳ ᠤᠷᠤᠬ ᠳᠤᠬᠳᠠᠬᠤ ᠠᠴᠠ ᠡᠮᠦᠨ᠎ᠡ᠂ ᠡᠩ ᠤᠨ ᠪᠠᠶᠢᠳᠠᠯ ᠳᠤ ᠡᠷᠭᠡᠪᠰᠢ ᠡᠷᠡᠭᠲᠡᠢ ᠳᠠᠯ᠎ᠠ ᠨᠢ ᠡᠮᠡᠭᠲᠠᠢ | ᠳᠠᠯ᠎ᠠ ᠠᠴᠠ ᠤᠷᠤᠬ ᠭᠤᠶᠤᠳᠠᠬ᠃ ᠶᠡᠷᠦᠳᠡ ᠳᠡᠭᠡᠨ ᠡᠷᠡᠭᠲᠠᠢ ᠳᠠᠯ᠎ᠠ ᠶᠢᠨ ᠠᠪᠤ ᠡᠵᠢ ᠨᠢ ᠵᠠᠭᠤᠴᠢᠯᠠᠬᠴᠢ ᠪᠠᠷ ᠳᠠᠮᠵᠢᠨ ᠡᠮᠡᠭᠲᠠᠢ ᠳᠠᠯ᠎ᠠ ᠶᠢᠨ ᠠᠪᠤ ᠡᠵᠢ ᠳᠤ ᠬᠠᠳᠠᠬ | ᠪᠡᠯᠡᠭᠯᠡᠨ ᠤᠷᠤᠬ ᠭᠤᠶᠤᠳᠠᠬ᠃ | ᠤᠷᠤᠬ ᠳᠤᠬᠳᠠᠬᠤ ᠨᠢ ᠤᠷᠤᠬ ᠭᠤᠶᠤᠵᠤ ᠪᠥᠲᠦᠭᠰᠡᠨ ᠤ ᠳᠠᠷᠠᠭ᠎ᠠ ᠶᠠᠪᠤᠭᠤᠯᠬᠤ ᠨᠢᠭᠡ ᠲᠥᠷᠦᠯ ᠤᠨ ᠶᠤᠰᠤᠯᠠᠯ ᠪᠤᠯᠤᠨ᠎ᠠ᠃ ᠡᠩ ᠤᠨ ᠪᠠᠶᠢᠳᠠᠯ ᠳᠤ | ᠡᠷᠡᠭᠲᠡᠢ ᠳᠠᠯ᠎ᠠ ᠨᠢ ᠪᠥᠬᠦᠯᠢ ᠰᠢᠬᠦᠰᠤ᠂ ᠰᠠᠭᠠᠯᠢ ᠶᠢᠨ ᠠᠷᠢᠬᠢ ᠪᠡ ᠰᠢᠬᠢᠷ ᠪᠤᠭᠤᠷᠰᠠᠬ ᠵᠡᠷᠭᠡ ᠪᠡᠯᠡᠭ ᠠᠪᠴᠤ ᠡᠮᠡᠭᠲᠠᠢ ᠳᠠᠯ᠎ᠠ ᠶᠢᠨ ᠬᠡᠷ ᠲᠤ ᠬᠦᠷᠴᠦ᠂ ᠡᠮᠡᠭᠲᠠᠢ | ᠳᠡᠯ᠎ᠡ ᠨᠢ ᠥᠪᠡᠷ ᠤᠨ ᠳᠤᠳᠤᠨᠤ ᠠᠬ᠎ᠠ ᠳᠡᠬᠦᠦ ᠪᠠᠨ ᠵᠠᠯᠠᠵᠤ᠂ ᠬᠤᠶᠠᠷ ᠳᠠᠯ᠎ᠠ ᠪᠠᠷ ᠢᠶᠠᠨ ᠵᠤᠬᠢᠬᠤ ᠬᠡᠪᠴᠢᠶᠠᠨ ᠤ ᠨᠠᠶᠢᠷ ᠶᠠᠪᠤᠭᠤᠯᠵᠤ᠂ ᠵᠢᠩᠬᠢᠨᠢ ᠤᠷᠤᠬ | ᠳᠤᠬᠳᠠᠬᠰᠠᠨ ᠢᠶᠠᠨ ᠵᠠᠷᠯᠠᠳᠠᠬ᠃ | ᠪᠠᠭ᠎ᠠ ᠨᠠᠶᠢᠷ ᠪᠤᠯ ᠡᠷᠡᠭᠲᠡᠢ ᠡᠮᠡᠭᠲᠠᠢ ᠬᠤᠶᠠᠷ ᠳᠠᠯ᠎ᠠ ᠠᠴᠠ ᠬᠤᠷᠢᠮ ᠤᠨ ᠪᠡᠯᠡᠭ᠂ ᠬᠤᠷᠢᠮ ᠤᠨ ᠡᠳᠦᠷ᠂ ᠪᠠᠷᠢ ᠳᠤᠰᠬᠤ ᠵᠡᠷᠭᠡ ᠤᠴᠢᠷ ᠶᠠᠪᠤᠳᠠᠯ ᠢ | ᠶᠠᠪᠤᠭᠤᠯᠤᠬᠰᠠᠨ ᠪᠠᠭ᠎ᠠ ᠬᠡᠯᠪᠡᠷᠢ ᠶᠢᠨ ᠨᠠᠶᠢᠷ᠂ ᠶᠡᠷᠦ ᠳᠡᠭᠡᠨ ᠰᠢᠨ᠎ᠡ ᠭᠥᠷᠭᠡᠨ᠂ ᠳᠡᠬᠦᠦᠴᠢᠯᠡᠬᠦ ᠵᠠᠯᠠᠭᠤ ᠪᠠ ᠨᠢᠭᠡ ᠭᠤᠤᠯᠯᠠᠬᠴᠢ ᠬᠦᠮᠦᠨ ᠵᠡᠷᠭᠡ ᠬᠦᠮᠦᠰ ᠨᠢ ᠡᠮᠡᠭᠲᠠᠢ | ᠳᠠᠯ᠎ᠠ ᠳᠤ ᠬᠦᠷᠴᠦ᠂ ᠡᠮᠡᠭᠲᠠᠢ ᠳᠡᠯ᠎ᠡ ᠶᠢᠨ ᠳᠤᠳᠤᠨᠤ ᠠᠬ᠎ᠠ ᠳᠡᠬᠦᠦ ᠨᠠᠷ ᠲᠠᠢ ᠬᠠᠮᠳᠤᠪᠠᠷ ᠨᠠᠶᠢᠷᠯᠠᠨ ᠰᠠᠭᠤᠳᠠᠬ᠃ ᠬᠤᠷᠢᠮ ᠤᠨ ᠶᠤᠰᠤᠯᠠᠯ ᠪᠤᠯ ᠯᠠᠮᠠ ᠡᠰᠡᠬᠦᠯ᠎ᠡ | ᠠᠬᠠᠮᠠᠳ ᠠᠴᠠ ᠦᠯᠵᠡᠶᠢᠳᠦ ᠡᠳᠦᠷ ᠢ ᠰᠤᠩᠭᠤᠵᠤ᠂ ᠬᠤᠷᠢᠮ ᠤᠨ ᠶᠤᠰᠤᠯᠠᠯ ᠢ ᠦᠪᠡᠳᠡᠰᠢ ᠶᠡᠬᠡᠪᠡᠷ ᠶᠠᠪᠤᠭᠤᠯᠳᠠᠬ᠃ ᠭᠤᠤᠯᠳᠠᠭᠤ ᠳᠤᠤᠷᠠᠬᠢ ᠮᠡᠳᠦ ᠳᠡᠰ | ᠳᠠᠷᠠᠭᠠᠯᠠᠯ ᠢᠶᠠᠷ ᠶᠠᠪᠤᠬᠳᠠᠳᠠᠬ᠄ ᠡᠷᠡᠭᠲᠡᠢ ᠳᠠᠯ᠎ᠠ ᠶᠢᠨ ᠰᠠᠳᠤᠨ ᠲᠥᠷᠦᠯ ᠠᠬ᠎ᠠ ᠳᠡᠬᠦᠦᠨᠠᠷ ᠪᠡ ᠰᠢᠨ᠎ᠡ ᠬᠦᠷᠭᠡᠨ ᠨᠢ ᠡᠮᠡᠭᠲᠠᠢ ᠳᠠᠯ᠎ᠠ ᠳᠤ ᠪᠡᠷᠢ ᠳᠤᠰᠬᠤ ᠪᠠᠷ ᠬᠦᠷᠴᠦ | ᠂ ᠪᠤᠬᠳᠤᠯᠠᠨ ᠠᠪᠬᠤ ᠨᠠᠶᠢᠷ ᠢ ᠶᠠᠪᠤᠭᠤᠯᠤᠨ᠎ᠠ᠃ ᠨᠠᠶᠢᠷ ᠨᠠᠭᠠᠳᠤᠮ ᠦᠨᠳᠦᠷ ᠪᠤᠯᠪᠡᠯ ᠡᠮᠡᠭᠲᠠᠢ ᠳᠠᠯ᠎ᠠ ᠶᠢᠨ ᠪᠡᠷᠢ ᠬᠦᠷᠭᠡᠬᠦ ᠬᠦᠮᠦᠰ ᠪᠠ ᠡᠷᠡᠭᠲᠡᠢ ᠳᠠᠯ᠎ᠠ ᠶᠢᠨ ᠪᠡᠷᠢ | ᠳᠤᠰᠬᠤ ᠬᠦᠮᠦᠰ ᠨᠢ ᠰᠢᠨ᠎ᠡ ᠬᠦᠷᠭᠡᠨ ᠰᠢᠨ᠎ᠡ ᠪᠡᠷᠢ ᠲᠠᠢ ᠬᠠᠮᠳᠤᠪᠡᠷ ᠰᠢᠨ᠎ᠡ ᠭᠦᠷᠭᠡᠨ ᠤ ᠭᠡᠷ ᠵᠥᠭ ᠨᠠᠶᠢᠷ ᠲᠠᠢ ᠬᠦᠭᠵᠢᠶᠡᠨ ᠲᠠᠢ ᠮᠤᠷᠳᠡᠨ᠎ᠠ᠃ ᠡᠷᠡᠭᠲᠡᠢ | ᠳᠠᠯ᠎ᠠ ᠶᠢᠨ ᠬᠡᠷ ᠲᠤ ᠬᠦᠷᠦᠭᠰᠡᠨ ᠤ ᠳᠠᠷᠠᠭ᠎ᠠ ᠪᠤᠷᠬᠠᠨ ᠳᠡᠭᠷᠢ ᠳᠤ ᠮᠥᠷᠬᠦᠵᠦ᠂ ᠭᠠᠯ ᠤᠨ ᠪᠤᠷᠬᠠᠨ ᠳᠤ ᠢᠳᠡᠭᠡᠨ ᠤ ᠳᠡᠬᠡᠵᠢ ᠪᠠᠨ ᠡᠷᠬᠦᠨ᠂ ᠠᠪᠤ ᠡᠵᠢ ᠠᠬᠠᠰ | ᠵᠠᠬᠠᠰ ᠲᠠᠢ ᠮᠥᠷᠬᠦᠨ ᠠᠭᠤᠯᠵᠠᠨ᠎ᠠ᠃ ᠳᠠᠷᠠᠭᠠᠪᠡᠷ᠂ ᠡᠷᠡᠭᠲᠡᠢ ᠳᠠᠯ᠎ᠠ ᠶᠢᠨ ᠠᠬᠠᠮᠠᠳ᠂ ᠠᠪᠤ ᠡᠵᠢ ᠪᠤᠯᠤᠨ ᠪᠡᠷᠢ ᠬᠦᠷᠭᠡᠬᠦ ᠪᠠᠷ ᠢᠷᠡᠭᠰᠡᠨ ᠬᠦᠮᠦᠰ ᠪᠡ ᠳᠤᠳᠤᠨᠤ | ᠠᠬ᠎ᠠ ᠳᠡᠬᠦᠦ ᠨᠠᠻᠢᠵᠠ ᠨᠠᠷ ᠢᠶᠠᠷ ᠢᠶᠠᠨ ᠨᠠᠶᠢᠷ ᠤᠨ ᠰᠢᠷᠡᠭᠡᠨ ᠳᠤ ᠰᠠᠭᠠᠳᠠᠵᠤ᠂ ᠥᠪᠡᠳᠡᠰᠢ ᠶᠡᠭᠡ ᠬᠤᠷᠢᠮ ᠤᠨ ᠶᠤᠰᠤᠯᠠᠯ ᠢᠶᠠᠨ ᠡᠬᠢᠯᠡᠬᠦᠯᠳᠡᠭ᠃ ᠬᠤᠷᠢᠮ ᠤᠨ | ᠨᠠᠶᠢᠷ ᠨᠢ ᠶᠡᠷᠦ ᠳᠡᠭᠡᠨ ᠬᠠᠭᠠᠰ ᠡᠳᠦᠷ᠂ ᠨᠢᠭᠡ ᠡᠳᠦᠷ ᠪᠤᠶᠤ ᠬᠤᠶᠠᠷ ᠭᠤᠷᠪᠠᠨ ᠡᠳᠦᠷ ᠢᠶᠠᠷ ᠦᠷᠬᠦᠯᠵᠢᠯᠡᠳᠡᠭ᠃ ᠡᠷᠬᠢᠬᠦ ᠶᠤᠰᠤᠯᠠᠯ ᠪᠤᠯ ᠬᠤᠷᠢᠮ ᠤᠨ ᠶᠤᠰᠤᠯᠠᠯ | ᠪᠠᠷᠠᠬᠰᠠᠨ ᠤ ᠳᠠᠷᠠᠭᠠᠬᠢ ᠭᠤᠷᠪᠠᠳᠤᠭᠠᠷ ᠡᠳᠦᠷ ᠡᠮᠡᠭᠲᠠᠢ ᠳᠡᠯ᠎ᠡ ᠶᠢᠨ ᠲᠥᠷᠦᠯ ᠰᠡᠳᠤᠨ ᠨᠢ ᠡᠯ᠎ᠡ ᠲᠥᠷᠦᠯ ᠤᠨ ᠪᠡᠯᠡᠭ ᠰᠡᠯᠳᠡ ᠠᠪᠤᠭᠠᠳ ᠡᠷᠡᠭᠲᠡᠢ ᠳᠠᠯ᠎ᠠ ᠶᠢᠨ | ᠬᠡᠷ ᠲᠤ ᠰᠢᠨ᠎ᠡ ᠪᠡᠷᠢ ᠶᠢ ᠡᠷᠬᠢᠵᠦ ᠦᠵᠡᠬᠦ ᠦᠶ᠎ᠡ ᠳᠤ ᠶᠠᠪᠤᠭᠤᠯᠬᠤ ᠪᠠᠭ᠎ᠠ ᠨᠠᠶᠢᠷ ᠪᠤᠯᠤᠨ᠎ᠠ᠃ ᠬᠤᠷᠢᠮ ᠤᠨ ᠶᠤᠰᠤᠯᠠᠯ ᠪᠠᠷᠠᠬᠰᠠᠨ ᠤ ᠳᠤᠯᠤᠳᠤᠭᠠᠷ ᠡᠳᠦᠷ ᠰᠢᠨ᠎ᠡ | ᠪᠡᠷᠢ ᠨᠢ ᠰᠢᠨ᠎ᠡ ᠬᠦᠷᠭᠡᠨ ᠢᠶᠠᠨ ᠳᠠᠭᠠᠭᠤᠯᠵᠤ᠂ ᠪᠡᠯᠡᠭ ᠰᠡᠯᠳᠡ ᠲᠠᠢ ᠳᠥᠷᠬᠦᠮ ᠢᠶᠠᠨ ᠡᠷᠬᠢᠵᠦ ᠦᠵᠡᠬᠦ ᠪᠠᠷ ᠢᠷᠡᠳᠡᠭ ᠶᠤᠮ᠃ | ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ |