ᠬᠤᠷᠠᠭ᠎ᠠ ᠢᠰᠢᠭᠡᠨ ᠤ ᠰᠠ ᠡᠪᠡᠳᠴᠢᠨ ᠤ ᠰᠢᠯᠲᠠᠭᠠᠨ
ᠨᠡᠶᠢᠲᠡᠯᠡᠭᠰᠡᠨ ᠴᠠᠭ᠄
2023/10/16
   ᠬᠤᠷᠠᠭ᠎ᠠ ᠢᠰᠢᠭᠡ ᠪᠣᠰᠴᠤ ᠳᠡᠶᠢᠯᠬᠦ ᠦᠭᠡᠢ ᠂ ᠲᠠᠮᠪᠠᠷᠠᠬᠤ ᠂ ᠬᠦᠴᠦ ᠦᠭᠡᠢ ᠪᠣᠯᠬᠤ ᠂ ᠦᠬᠦᠬᠦ ᠪᠠᠷ ᠭᠤᠣᠯ ᠰᠢᠨᠵᠢ ᠲᠡᠮᠳᠡᠭ ᠪᠣᠯᠭᠠᠳᠠᠭ ᠨᠢ ᠳᠣᠣᠷᠠᠬᠢ ᠮᠡᠲᠦ ᠬᠡᠳᠦᠨ ᠲᠠᠯ᠎ᠠ ᠶᠢᠨ ᠰᠢᠯᠲᠠᠭᠠᠨ ᠲᠠᠢ ᠪᠠᠶᠢᠵᠤ ᠮᠡᠳᠡᠨ᠎ᠡ ᠄    ᠨᠢᠭᠡ ᠂ ᠲᠡᠮᠦᠷ ᠲᠤᠳᠠᠭᠳᠠᠭᠰᠠᠨ ᠠᠴᠠ ᠪᠤᠯᠤᠭᠰᠠᠨ ᠴᠢᠰᠤ ᠳᠤᠲᠠᠬᠤ ᠭᠡᠮ ᠄   ᠲᠡᠮᠦᠷ ᠲᠤᠳᠠᠭᠳᠠᠭᠰᠠᠨ ᠠᠴᠠ ᠪᠤᠯᠵᠦ ᠴᠢᠰᠤ ᠳᠤᠲᠠᠬᠤ ᠭᠡᠮ ᠲᠤᠰᠤᠭᠰᠠᠨ ᠬᠤᠷᠠᠭ᠎ᠠ ᠢᠰᠢᠭᠡᠨ ᠤ ᠣᠯᠠᠩᠬᠢ ᠨᠢ ᠵᠣᠭᠰᠣᠵᠤ ᠳᠡᠶᠢᠯᠬᠦ ᠦᠭᠡᠢ ᠪᠤᠶᠤ ᠬᠥᠬᠦᠵᠦ ᠳᠡᠶᠢᠯᠬᠦ ᠦᠭᠡᠢ ᠂ ᠣᠯᠠᠩᠬᠢ ᠳᠠᠭᠠᠨ ᠬᠠᠷᠠᠭᠠᠨ ᠤ ᠰᠠᠯᠢᠰᠤᠲᠤ ᠪᠦᠷᠬᠦᠪᠴᠢ ᠬᠤᠵᠢᠢᠬᠤ ᠂ ᠪᠡᠶ᠎ᠡ ᠨᠢ ᠡᠴᠡᠩᠬᠡᠢ ᠪᠣᠯᠬᠤ ᠂ ᠴᠢᠰᠤ ᠰᠢᠩᠭᠡᠨ ᠪᠣᠯᠬᠤ ᠂ ᠪᠦᠬᠦ ᠪᠡᠶ᠎ᠡ ᠨᠢ ᠬᠠᠪᠤᠩᠨᠠᠬᠤ ᠵᠡᠷᠭᠡ ᠡᠪᠡᠳᠴᠢᠨ ᠤ ᠢᠯᠡᠷᠡᠯ ᠳᠠᠭᠠᠯᠳᠤᠳᠠᠭ ᠃    ᠬᠤᠶᠠᠷ ᠂ ᠺᠠᠯᠼ ᠹᠣᠰᠹᠣᠷ ᠳᠤᠲᠠᠬᠤ ᠭᠡᠮ ᠄   ᠺᠠᠯᠼ ᠤᠨ ᠦᠢᠯᠡᠳᠦᠯ ᠨᠢ ᠪᠤᠯᠴᠢᠩ ᠤᠨ ᠴᠢᠩᠭᠠᠷᠠᠯᠲᠠ ᠶᠢ ᠪᠠᠲᠤᠯᠠᠳᠠᠭ ᠤᠴᠢᠷ ᠠᠴᠠ ᠴᠢᠰᠤᠨ ᠤ ᠺᠠᠯᠼ ᠳᠣᠣᠷ᠎ᠠ ᠪᠠᠶᠢᠳᠠᠯ ᠳᠤ ᠡᠪᠡᠳᠴᠢᠨ ᠲᠠᠢ ᠬᠤᠷᠠᠭ᠎ᠠ ᠢᠰᠢᠭᠡᠨ ᠤ ᠶᠡᠷᠦᠩᠬᠡᠢ ᠢᠯᠡᠷᠡᠯ ᠨᠢ ᠲᠠᠮᠢᠷ ᠲᠡᠩᠬᠡᠭᠡ ᠮᠠᠭᠤᠳᠠᠬᠤ ᠳᠤ ᠣᠷᠣᠰᠢᠨ᠎ᠠ ᠃ ᠡᠪᠡᠳᠴᠢᠨ ᠤ ᠡᠬᠢᠨ ᠤ ᠦᠶ᠎ᠡ ᠳᠤ ᠪᠦᠬᠦ ᠪᠡᠶ᠎ᠡ ᠪᠤᠬᠢᠨᠢᠳᠤᠵᠤ ᠂ ᠢᠳᠡᠭᠡᠨ ᠤ ᠳᠤᠷᠠᠰᠢᠯ ᠪᠠᠭᠠᠰᠴᠤ ᠂ ᠬᠡᠪᠢᠬᠦ ᠪᠠᠨ ᠵᠣᠭᠰᠣᠵᠤ ᠂ ᠬᠤᠶᠢᠲᠤ ᠮᠥᠴᠢ ᠨᠢ ᠰᠤᠯᠠ ᠳᠤᠷᠤᠢ ᠂ ᠠᠯᠬᠤᠮ ᠨᠢ ᠲᠣᠭᠲᠠᠪᠤᠷᠢ ᠦᠭᠡᠢ ᠂ ᠴᠢᠨᠠᠭᠰᠢᠯᠠᠪᠠᠯ ᠨᠠᠶᠢᠭᠤᠨ᠎ᠠ ᠃ ᠵᠠᠷᠢᠮ ᠬᠤᠷᠠᠭ᠎ᠠ ᠢᠰᠢᠭᠡ ᠨᠢ ᠨᠢᠷᠤᠭᠤ ᠪᠥᠬᠦ᠋ᠢᠨ ᠲᠣᠯᠣᠭᠠᠢ ᠪᠥᠬᠦ᠋ᠢᠵᠦ ᠂ ᠲᠡᠨᠲᠦᠷ ᠮᠥᠨᠳᠥᠷ ᠠᠯᠬᠤᠯᠠᠵᠤ ᠂ ᠠᠮᠢᠰᠬᠤᠯ ᠨᠢ ᠲᠦᠷᠭᠡᠰᠳᠡᠭ ᠃    ᠭᠤᠷᠪᠠ ᠂ ᠰᠧᠯᠧᠨ ᠳᠤᠲᠠᠬᠤ ᠭᠡᠮ ᠄   ᠬᠤᠷᠠᠭ᠎ᠠ ᠢᠰᠢᠭᠡᠨ ᠤ ᠴᠠᠭᠠᠨ ᠪᠤᠯᠴᠢᠩ ᠤᠨ ᠡᠪᠡᠳᠴᠢᠨ ᠠᠴᠠ ᠪᠤᠯᠴᠢᠩ ᠤᠨ ᠬᠦᠴᠦ ᠲᠠᠮᠢᠷᠳᠠᠬᠤ ᠦᠵᠡᠭᠳᠡᠯ ᠭᠠᠷᠴᠤ ᠂ ᠵᠠᠷᠢᠮ ᠦᠶ᠎ᠡ ᠳᠤ ᠣᠨᠴᠠ ᠵᠠᠷᠢᠮ ᠨᠢ ᠴᠢᠴᠠᠭ᠎ᠠ ᠠᠯᠳᠠᠳᠠᠭ ᠃    ᠳᠥᠷᠪᠡ ᠂ ᠵᠡᠰ ᠳᠤᠲᠠᠬᠤ ᠭᠡᠮ ᠄   ᠬᠤᠷᠠᠭ᠎ᠠ ᠢᠰᠢᠭᠡᠨ ᠤ ᠵᠡᠰ ᠳᠤᠲᠠᠬᠤ ᠭᠡᠮ ᠤᠨ ᠬᠠᠮᠤᠭ ᠨᠡᠶᠢᠲᠡᠯᠢᠭ ᠣᠨᠴᠠᠯᠢᠭ ᠪᠣᠯ ᠬᠥᠳᠡᠯᠭᠡᠭᠡᠨ ᠲᠡᠩᠴᠡᠭᠦᠷᠢ ᠪᠠᠨ ᠠᠯᠳᠠᠬᠤ ᠪᠠ ᠴᠢᠮᠦᠭᠡᠨ ᠳᠤᠭᠲᠤᠢ ᠤᠨᠠᠬᠤ ᠦᠵᠡᠭᠳᠡᠯ ᠪᠣᠯᠣᠨ᠎ᠠ ᠂ ᠡᠭᠦᠨ ᠢ ᠪᠠᠰᠠ ︽ ᠨᠢᠷᠤᠭᠤ ᠰᠠᠵᠢᠯᠠᠬᠤ ᠡᠪᠡᠳᠴᠢᠨ ︾ ᠭᠡᠳᠡᠭ ᠃ ᠵᠡᠰ ᠪᠣᠯ ᠡᠰ ᠤᠨ ᠥᠩᠭᠡᠲᠦ ᠡᠳ᠋ ᠤᠨ ᠢᠰᠦᠯᠳᠦᠭᠦᠯᠬᠦ ᠢᠰᠬᠡᠭᠦᠷ ᠤᠨ ᠳᠠᠭᠠᠯᠲᠠ ᠰᠠᠭᠤᠷᠢ ᠮᠥᠨ ᠂ ᠵᠡᠰ ᠳᠤᠲᠠᠭᠳᠠᠪᠠᠯ ᠹᠣᠰᠹᠣᠷᠲᠤ ᠥᠭᠡᠬᠦ ᠶᠢᠨ ᠨᠡᠶᠢᠯᠡᠯᠭᠡ ᠶᠢ ᠬᠠᠷᠰᠢᠯᠠᠵᠤ ᠂ ᠨᠤᠭᠤᠰᠤᠨ ᠹᠣᠰᠹᠣᠷᠲᠤ ᠥᠭᠡᠬᠦ ᠶᠢᠨ ᠨᠡᠶᠢᠯᠡᠯᠭᠡ ᠶᠢ ᠴᠦ ᠬᠤᠷᠢᠭᠯᠠᠵᠤ ᠂ ᠮᠡᠳᠡᠷᠡᠯ ᠤᠨ ᠰᠢᠰᠲ᠋ᠧᠮ ᠤᠨ ᠴᠢᠮᠦᠭᠡ ᠦᠭᠡᠶᠢᠳᠡᠭᠦᠯᠬᠦ ᠳᠤᠭᠲᠤᠢ ᠪᠠ ᠲᠠᠷᠢᠬᠢᠨ ᠡᠰ ᠤᠨ ᠰᠣᠯᠢᠯᠴᠠᠭ᠎ᠠ ᠶᠢ ᠬᠠᠷᠰᠢᠯᠠᠨ᠎ᠠ ᠃    ᠲᠠᠪᠤ ᠂ ᠬᠤᠷᠠᠭ᠎ᠠ ᠢᠰᠢᠭᠡᠨ ᠤ ᠰᠦ ᠬᠤᠷᠠᠬᠤ ᠭᠡᠮ ᠄   ᠨᠢᠯᠬ᠎ᠠ ᠬᠤᠷᠠᠭ᠎ᠠ ᠢᠰᠢᠭᠡᠨ ᠤ ᠰᠦᠨ ᠤ ᠬᠤᠷᠠᠭ᠎ᠠ ᠶᠢ ᠪᠠᠰᠠ ᠵᠢᠩᠬᠢᠨᠢ ᠬᠤᠳᠣᠭᠤᠳᠤᠨ ᠤ ᠢᠳᠡᠰᠢ ᠬᠤᠳᠠᠮᠳᠤᠬᠤ ᠰᠦᠨ ᠬᠤᠷᠠᠬᠤ ᠭᠡᠮ ᠭᠡᠳᠡᠭ ᠃ ᠡᠨᠡ ᠪᠣᠯ ᠨᠢᠭᠡ ᠵᠦᠢᠯ ᠤᠨ ᠬᠠᠪᠤᠷ ᠤᠨ ᠬᠤᠷᠠᠭ᠎ᠠ ᠢᠰᠢᠭᠡᠨ ᠤ ᠨᠢᠭᠡ ᠵᠦᠢᠯ ᠤᠨ ᠦᠷᠭᠦᠯᠵᠢ ᠲᠣᠬᠢᠶᠠᠯᠳᠤᠳᠠᠭ ᠡᠪᠡᠳᠴᠢᠨ ᠪᠥᠭᠡᠳ ᠦᠬᠦᠬᠦ ᠨᠤᠷᠮ᠎ᠠ ᠨᠢ ᠥᠨᠳᠥᠷ ᠪᠠᠶᠢᠳᠠᠭ ᠃ ᠶᠡᠷᠦ ᠳᠡᠭᠡᠨ ᠲᠦᠷᠦᠭᠰᠡᠨ ᠤ ᠬᠤᠶᠠᠷ ᠡᠳᠦᠷ ᠤᠨ ᠣᠷᠴᠢᠮ ᠢᠶᠠᠷ ᠰᠦ ᠬᠤᠷᠠᠬᠤ ᠭᠡᠮ ᠭᠠᠷᠳᠠᠭ ᠃ ᠡᠭᠦᠨ ᠤ ᠭᠤᠣᠯ ᠣᠨᠴᠠᠯᠢᠭ ᠨᠢ ᠄ ᠡᠪᠡᠳᠴᠢᠨ ᠲᠠᠢ ᠬᠤᠷᠠᠭ᠎ᠠ ᠢᠰᠢᠭᠡᠨ ᠤ ᠵᠢᠩᠬᠢᠨᠢ ᠬᠤᠳᠣᠭᠤᠳᠤᠨ ᠳᠤ ᠨᠡᠯᠢᠶᠡᠳ ᠶᠡᠭᠡ ᠮᠥᠷᠲᠡᠭᠡᠨ ᠬᠠᠲᠠᠭᠤ ᠡᠭᠡᠳᠡᠭᠰᠡᠨ ᠰᠦᠨ ᠤ ᠪᠥᠭᠡᠮᠨᠡᠷᠡᠯ ᠲᠠᠢ ᠪᠠᠶᠢᠳᠠᠭ ᠃    ᠵᠢᠷᠭᠤᠭ᠎ᠠ ᠂ ᠬᠤᠷᠠᠭ᠎ᠠ ᠢᠰᠢᠭᠡᠨ ᠤ ᠬᠤᠣᠷᠳᠠᠯᠭ᠎ᠠ ᠶᠢᠨ ᠴᠢᠨᠠᠷᠲᠠᠢ ᠰᠢᠩᠭᠡᠭᠡᠯᠲᠡ ᠮᠠᠭᠤ ᠄   ᠲᠤᠰ ᠡᠪᠡᠳᠴᠢᠨ ᠪᠣᠯ ᠰᠠᠶ᠋ᠢ ᠲᠥᠷᠥᠭᠰᠡᠨ ᠬᠤᠷᠠᠭ᠎ᠠ ᠶᠢᠨ ᠬᠥᠬᠦᠭᠦᠯᠵᠦ ᠪᠠᠶᠢᠭ᠎ᠠ ᠬᠤᠭᠤᠴᠠᠭᠠᠨ ᠳᠠᠬᠢ ᠦᠷᠭᠦᠯᠵᠢ ᠡᠭᠦᠰᠳᠡᠭ ᠡᠪᠡᠳᠴᠢᠨ ᠮᠥᠨ ᠂ ᠬᠤᠷᠠᠭ᠎ᠠ ᠶᠢᠨ ᠰᠢᠩᠭᠡᠭᠡᠯᠲᠡ ᠶᠢᠨ ᠡᠷᠬᠡᠲᠡᠨ ᠨᠢ ᠭᠦᠢᠴᠡᠳ ᠪᠤᠶᠢᠵᠢᠵᠤ ᠳᠡᠶᠢᠯᠦᠭᠡ ᠦᠭᠡᠢ ᠤᠴᠢᠷ ᠠᠴᠠ ᠬᠠᠮᠤᠭ ᠤᠨ ᠠᠮᠠᠷᠬᠠᠨ ᠡᠪᠡᠳᠴᠢᠯᠡᠳᠡᠭ ᠃ ᠬᠤᠷᠠᠭ᠎ᠠ ᠢᠰᠢᠭᠡᠨ ᠤ ᠬᠤᠣᠷᠳᠠᠯᠭ᠎ᠠ ᠶᠢᠨ ᠴᠢᠨᠠᠷᠲᠠᠢ ᠰᠢᠩᠭᠡᠭᠡᠯᠲᠡ ᠮᠠᠭᠤᠳᠠᠭᠰᠠᠨ ᠤ ᠣᠯᠠᠩᠬᠢ ᠨᠢ ᠥᠷᠥᠭᠡᠰᠦᠯ ᠴᠢᠨᠠᠷᠲᠠᠢ ᠰᠢᠩᠭᠡᠭᠡᠯᠲᠡ ᠮᠠᠭᠤ ᠂ ᠴᠠᠭ ᠲᠤᠬᠠᠢ ᠳᠤ ᠨᠢ ᠡᠮᠨᠡᠨ ᠵᠠᠰᠠᠭᠰᠠᠨ ᠦᠭᠡᠢ ᠠᠴᠠ ᠪᠣᠯᠤᠭᠰᠠᠨ ᠶᠤᠮ ᠂ ᠬᠤᠳᠣᠭᠤᠳᠤ ᠭᠡᠳᠡᠰᠦᠨ ᠤ ᠳᠣᠲᠣᠷᠠᠬᠢ ᠪᠣᠳᠠᠰ ᠤᠨ ᠢᠰᠬᠡᠯᠲᠡ ᠪᠠ ᠢᠯᠵᠢᠷᠡᠯ ᠵᠠᠳᠠᠷᠠᠯ ᠤᠨ ᠪᠦᠲᠦᠭᠡᠭᠳᠡᠬᠦᠨ ᠨᠢ ᠰᠢᠩᠭᠡᠭᠡᠭᠳᠡᠵᠦ ᠂ ᠲᠦᠷᠭᠡᠨ ᠴᠢᠨᠠᠷᠲᠠᠢ ᠪᠤᠶᠤ ᠤᠳᠠᠭᠠᠨ ᠴᠢᠨᠠᠷᠲᠠᠢ ᠬᠤᠣᠷᠳᠠᠯᠭ᠎ᠠ ᠡᠭᠦᠰᠬᠡᠳᠡᠭ ᠃         
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ