| ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠤᠨ ᠮᠡᠳᠡᠭᠡ ᠶᠢ ᠦᠨᠳᠦᠰᠦᠯᠡᠪᠡᠯ ᠂ ᠣᠶᠢᠷ᠎ᠠ ᠳᠤ ᠂ S24 ᠵᠡᠭᠦᠨᠭᠠᠷ ᠠᠴᠠ | ᠰᠢᠩ ᠡᠾᠧ ᠬᠦᠷᠬᠦ ᠬᠦᠨᠳᠦ ᠠᠴᠢᠶᠠᠨ ᠤ ᠥᠨᠳᠥᠷ ᠬᠤᠷᠳᠤᠴᠠᠲᠤ ᠵᠠᠰᠠᠮᠠᠯ ᠵᠠᠮ ᠤᠨ ᠾᠧᠪᠧᠢ ᠮᠤᠵᠢ ᠲᠠᠢ ᠵᠠᠬ᠎ᠠ ᠨᠡᠶᠢᠯᠡᠵᠦ ᠪᠠᠶᠢᠭ᠎ᠠ ᠬᠠᠮᠤᠭ ᠤᠨ ᠡᠴᠦᠰ ᠤᠨ ︽ | 5 ᠺᠢᠯᠣᠮᠧᠳ᠋ᠷ ᠤᠨ ᠲᠠᠰᠤᠷᠬᠠᠢ ᠵᠠᠮ ︾ ᠢ ᠠᠮᠵᠢᠯᠲᠠ ᠲᠠᠢ ᠪᠠᠷ ᠵᠠᠰᠠᠨ ᠨᠡᠪᠲᠡᠷᠡᠭᠦᠯᠵᠤ ᠂ ᠲᠣᠰ ᠥᠨᠳᠥᠷ ᠬᠤᠷᠳᠤᠴᠠᠲᠤ ᠵᠠᠰᠠᠮᠠᠯ ᠵᠠᠮ ᠤᠨ ᠥᠪᠥᠷ ᠮᠣᠩᠭᠤᠯ | ᠾᠧᠪᠧᠢ ᠶᠢᠨ ᠵᠠᠭᠠᠭ ᠤᠨ ᠮᠤᠵᠢ ᠠᠯᠤᠰᠯᠠᠭᠰᠠᠨ ᠬᠡᠰᠡᠭ ᠤᠨ ᠬᠠᠷᠢᠯᠴᠠᠨ ᠬᠤᠯᠪᠣᠯᠳᠤᠭᠤᠯᠤᠨ ᠨᠡᠪᠲᠡᠷᠡᠭᠦᠯᠬᠦ ᠢᠨᠵᠧᠨᠧᠷᠢᠩ ᠵᠢᠩᠬᠢᠨᠢ ᠪᠠᠷ ᠲᠡᠷᠭᠡ ᠨᠡᠪᠲᠡᠷᠡᠪᠡ ᠃ | ᠣᠶᠢᠯᠠᠭᠠᠭᠰᠠᠨ ᠢᠶᠠᠷ ᠂ ᠵᠡᠭᠦᠨᠭᠠᠷ ᠠᠴᠠ ᠰᠢᠩ ᠡᠾᠧ ᠬᠦᠷᠬᠦ ᠬᠦᠨᠳᠦ ᠠᠴᠢᠶᠠᠨ ᠤ ᠥᠨᠳᠥᠷ ᠬᠤᠷᠳᠤᠴᠠᠲᠤ ᠵᠠᠰᠠᠮᠠᠯ ᠵᠠᠮ ᠪᠣᠯ ᠥᠪᠡᠷᠲᠡᠭᠡᠨ ᠵᠠᠰᠠᠬᠤ | ᠣᠷᠣᠨ ᠤ ᠣᠷᠣᠨ ᠨᠤᠲᠤᠭ ᠤᠨ S24 ᠥᠨᠳᠥᠷ ᠬᠤᠷᠳᠤᠴᠠᠲᠤ ᠵᠠᠰᠠᠮᠠᠯ ᠵᠠᠮ ᠤᠨ ᠴᠢᠬᠤᠯᠠ ᠪᠦᠷᠢᠯᠳᠦᠭᠦᠨ ᠬᠡᠰᠡᠭ ᠪᠠᠶᠢᠵᠤ ᠂ 2013 ᠣᠨ ᠳᠤ ᠪᠠᠶᠢᠭᠤᠯᠵᠤ | ᠳᠠᠭᠤᠰᠬᠠᠭᠠᠳ ᠲᠡᠷᠭᠡ ᠨᠡᠪᠲᠡᠷᠡᠭᠦᠯᠪᠡ ᠃ ᠲᠣᠰ ᠥᠨᠳᠥᠷ ᠬᠤᠷᠳᠤᠴᠠᠲᠤ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢᠨ ᠬᠤᠭᠤᠴᠠᠭᠠᠨ ᠳᠤ ᠪᠠᠷᠢᠯᠭ᠎ᠠ ᠶᠢᠨ | ᠠᠵᠢᠯ ᠤᠨ ᠳᠤᠯᠠᠭᠠᠴᠠ ᠂ ᠭᠠᠵᠠᠷ ᠰᠢᠷᠣᠢ ᠶᠢᠨ ᠲᠠᠲᠠᠪᠤᠷᠢᠯᠠᠯᠲᠠ ᠶᠢᠨ ᠨᠥᠯᠥᠭᠡ ᠂ ᠾᠧᠪᠧᠢ ᠮᠤᠵᠢ ᠯᠤᠭ᠎ᠠ ᠶᠢᠨ ᠵᠠᠯᠭᠠᠯᠳᠤᠭ᠎ᠠ ᠪᠠᠶᠢᠷᠢᠯᠠᠯ ᠢ ᠲᠣᠭᠲᠠᠭᠠᠭᠰᠠᠨ ᠦᠭᠡᠢ | ᠵᠡᠷᠭᠡ ᠬᠦᠴᠦᠨ ᠵᠦᠢᠯ ᠢ ᠪᠣᠳᠣᠯᠬᠢᠯᠠᠵᠤ ᠂ ᠮᠠᠨ ᠤ ᠣᠷᠣᠨ ᠤ ᠲᠡᠭᠦᠰᠬᠡᠯ ᠴᠡᠭ ᠤᠨ ᠪᠠᠷᠤᠭ 5 ᠺᠢᠯᠣᠮᠧᠳ᠋ᠷ ᠬᠡᠰᠡᠭ ᠢ ᠪᠦᠲᠦᠭᠡᠨ ᠪᠠᠶᠢᠭᠤᠯᠤᠯᠲᠠ ᠶᠢᠨ ᠨᠢᠭᠡᠴᠢ ᠠᠴᠠ | ᠵᠠᠮ ᠤᠨ ᠰᠠᠭᠤᠷᠢ ᠶᠢᠨ ᠬᠥᠭᠦᠷᠭᠡ ᠶᠢᠨ ᠭᠤᠯᠳᠤᠩ ᠵᠢᠴᠢ ᠵᠠᠮ ᠤᠨ ᠭᠠᠳᠠᠷᠭᠤ ᠶᠢᠨ ᠰᠠᠭᠤᠷᠢ ᠳᠠᠪᠬᠤᠷᠭ᠎ᠠ ᠶᠢ ᠪᠠᠶᠢᠭᠤᠯᠵᠤ ᠳᠠᠭᠤᠰᠬᠠᠭᠰᠠᠨ ᠪᠣᠯᠪᠠᠴᠤ ᠦᠯᠡᠳᠡᠭᠰᠡᠨ | ᠭᠠᠳᠠᠷᠭᠤ ᠶᠢᠨ ᠳᠠᠪᠬᠤᠷᠭ᠎ᠠ ᠵᠢᠴᠢ ᠵᠠᠮ ᠬᠠᠷᠢᠯᠴᠠᠭᠠᠨ ᠤ ᠠᠮᠤᠷ ᠲᠦᠪᠰᠢᠨ ᠤ ᠪᠠᠷᠢᠯᠭ᠎ᠠ ᠶᠢᠨ ᠠᠵᠢᠯ ᠢ ᠬᠢᠭᠡᠳᠦᠢ ᠪᠠᠶᠢᠵᠠᠢ ᠃ | ᠥᠪᠡᠷᠲᠡᠭᠡᠨ ᠵᠠᠰᠠᠬᠤ ᠣᠷᠣᠨ ᠤ ︽ ᠲᠠᠪᠦ ᠶᠢ ᠲᠦᠢᠯᠪᠤᠷᠢᠲᠠᠢ ᠰᠢᠢᠳᠪᠦᠷᠢᠯᠡᠬᠦ ︾ ᠠᠵᠢᠯᠯᠠᠭ᠎ᠠ ᠶᠢ ᠥᠷᠨᠢᠭᠦᠯᠦᠭᠰᠡᠨ ᠤ ᠳᠠᠷᠠᠭ᠎ᠠ ᠂ ᠥᠪᠡᠷᠲᠡᠭᠡᠨ ᠵᠠᠰᠠᠬᠤ | ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠠᠴᠠ ᠵᠠᠰᠠᠮᠠᠯ ᠵᠠᠮ ᠤᠨ ᠣᠯᠠᠨ ᠨᠡᠶᠢᠲᠡ ᠶᠢᠨ ᠦᠢᠯᠡᠴᠢᠯᠡᠭᠡᠨ ᠤ ᠬᠠᠷᠢᠶᠠᠲᠤ ᠴᠢᠨᠠᠷ ᠪᠠ ᠨᠡᠶᠢᠲᠡ ᠶᠢᠨ | ᠠᠰᠠᠷᠠᠮᠵᠢ ᠶᠢᠨ ᠴᠢᠨᠠᠷᠲᠠᠢ ᠣᠨᠴᠠᠯᠢᠭ ᠢ ᠭᠦᠢᠴᠡᠳ ᠪᠣᠳᠣᠯᠬᠢᠯᠠᠵᠤ ᠂ ᠲᠣᠰ ᠥᠨᠳᠥᠷ ᠬᠤᠷᠳᠤᠴᠠᠲᠤ ᠵᠠᠰᠠᠮᠠᠯ ᠵᠠᠮ ᠤᠨ ᠦᠯᠡᠳᠡᠭᠳᠡᠯ ᠢᠨᠵᠧᠨᠧᠷᠢᠩ ᠢ ᠲᠦᠢᠯᠪᠤᠷᠢᠲᠠᠢ | ᠰᠢᠢᠳᠪᠦᠷᠢᠯᠡᠬᠦ ᠬᠡᠪᠴᠢᠶᠡᠨ ᠳᠤ ᠣᠷᠣᠭᠤᠯᠵᠤ ᠂ ᠤᠯᠠᠭᠠᠨᠴᠠᠪ ᠬᠤᠲᠠ ᠶᠢᠨ ᠬᠢᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠨᠢᠭᠡᠴᠢ ᠶᠢ ᠵᠣᠬᠢᠶᠠᠨ | ᠪᠠᠶᠢᠭᠤᠯᠵᠤ ᠪᠠᠶᠢᠭᠠᠳ ᠲᠣᠰ ᠥᠨᠳᠥᠷ ᠬᠤᠷᠳᠤᠴᠠᠲᠤ ᠵᠠᠰᠠᠮᠠᠯ ᠵᠠᠮ ᠤᠨ ᠦᠯᠡᠳᠡᠭᠳᠡᠯ ᠢᠨᠵᠧᠨᠧᠷᠢᠩ ᠢ ᠢᠳᠡᠪᠬᠢᠲᠡᠢ ᠲᠦᠯᠬᠢᠨ ᠠᠬᠢᠭᠤᠯᠵᠤ ᠂ 10 ᠵᠢᠯ | ᠬᠠᠶᠠᠭᠳᠠᠭᠰᠠᠨ S24 ᠵᠡᠭᠦᠨᠭᠠᠷ ᠠᠴᠠ ᠰᠢᠩ ᠡᠾᠧ ᠬᠦᠷᠬᠦ ᠬᠦᠨᠳᠦ ᠠᠴᠢᠶᠠᠨ ᠤ ᠥᠨᠳᠥᠷ ᠬᠤᠷᠳᠤᠴᠠᠲᠤ ᠵᠠᠰᠠᠮᠠᠯ ᠵᠠᠮ ᠤᠨ ᠦᠯᠡᠳᠡᠭᠳᠡᠯ ᠢᠨᠵᠧᠨᠧᠷᠢᠩ — | ᠵᠡᠭᠦᠨᠭᠠᠷ ᠠᠴᠠ ᠰᠢᠩ ᠡᠾᠧ ᠬᠦᠷᠬᠦ ᠬᠦᠨᠳᠦ ᠠᠴᠢᠶᠠᠨ ᠤ ᠥᠨᠳᠥᠷ ᠬᠤᠷᠳᠤᠴᠠᠲᠤ ᠵᠠᠰᠠᠮᠠᠯ ᠵᠠᠮ ᠤᠨ ᠾᠧᠪᠧᠢ ᠮᠤᠵᠢ ᠲᠠᠢ ᠵᠠᠬ᠎ᠠ ᠨᠡᠶᠢᠯᠡᠭᠰᠡᠨ ᠡᠴᠦᠰ ᠤᠨ ︽ 5 | ᠺᠢᠯᠣᠮᠧᠳ᠋ᠷ ᠤᠨ ᠲᠠᠰᠤᠷᠬᠠᠢ ᠵᠠᠮ ︾ ᠤᠨ ᠪᠠᠷᠢᠯᠭ᠎ᠠ ᠶᠢᠨ ᠠᠵᠢᠯ ᠢ 2022 ᠣᠨ ᠤ 10 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠨ ᠪᠥᠬᠦ ᠲᠠᠯ᠎ᠠ ᠪᠠᠷ | ᠰᠡᠷᠭᠦᠭᠡᠪᠡ ᠃ | ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠤᠨ ᠬᠤᠯᠪᠣᠭᠳᠠᠯ ᠪᠦᠬᠦᠢ ᠬᠠᠷᠢᠭᠤᠴᠠᠯᠭᠠᠲᠠᠨ ᠠᠴᠠ ᠲᠠᠨᠢᠯᠴᠠᠭᠤᠯᠬᠤ ᠳᠤ ᠪᠠᠨ | ︽ ᠵᠡᠭᠦᠨᠭᠠᠷ ᠠᠴᠠ ᠰᠢᠩ ᠡᠾᠧ ᠬᠦᠷᠬᠦ ᠥᠨᠳᠥᠷ ᠬᠤᠷᠳᠤᠴᠠᠲᠤ ᠵᠠᠰᠠᠮᠠᠯ ᠵᠠᠮ ᠤᠨ ᠥᠪᠥᠷ ᠮᠣᠩᠭᠤᠯ ᠾᠧᠪᠧᠢ ᠶᠢᠨ ᠵᠠᠭᠠᠭ ᠤᠨ ᠬᠠᠷᠢᠯᠴᠠᠨ ᠬᠤᠯᠪᠣᠯᠳᠤᠭᠤᠯᠤᠨ | ᠨᠡᠪᠲᠡᠷᠡᠭᠦᠯᠬᠦ ᠢᠨᠵᠧᠨᠧᠷᠢᠩ ᠢ ᠳᠠᠭᠤᠰᠬᠠᠭᠰᠠᠨ ᠨᠢ ᠴᠢᠬᠤᠯᠠ ᠶᠡᠭᠡ ᠠᠴᠢ ᠬᠤᠯᠪᠣᠭᠳᠠᠯ ᠲᠠᠢ ᠶᠤᠮ ᠂ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠪᠣᠯᠣᠨ | ᠾᠧᠪᠧᠢ ᠮᠤᠵᠢ ᠶᠢᠨ ᠵᠠᠰᠠᠭ ᠤᠨ ᠣᠷᠳᠣᠨ ᠤ ᠵᠥᠪᠳᠡᠯᠴᠡᠨ ᠲᠣᠭᠲᠠᠭᠰᠠᠨ ᠥᠨᠳᠥᠷ ᠬᠤᠷᠳᠤᠴᠠᠲᠤ ᠵᠠᠰᠠᠮᠠᠯ ᠵᠠᠮ ᠤᠨ ᠲᠣᠣᠷ ᠢ ᠨᠡᠪᠲᠡᠷᠡᠭᠦᠯᠬᠦ ᠡᠭᠦᠷᠭᠡ ᠶᠢ | ᠪᠡᠶᠡᠯᠡᠭᠦᠯᠦᠭᠰᠡᠨ ᠪᠥᠭᠡᠳ ᠥᠪᠡᠷᠲᠡᠭᠡᠨ ᠵᠠᠰᠠᠬᠤ ᠣᠷᠣᠨ ᠤ ᠣᠷᠣᠨ ᠠᠴᠠ ᠭᠠᠷᠬᠤ ᠥᠨᠳᠥᠷ ᠬᠤᠷᠳᠤᠴᠠᠲᠤ ᠵᠠᠰᠠᠮᠠᠯ ᠵᠠᠮ ᠤᠨ ︿ ᠲᠠᠰᠤᠷᠬᠠᠢ ᠵᠠᠮ ﹀ ᠤᠨ | ᠠᠰᠠᠭᠤᠳᠠᠯ ᠢ ᠰᠢᠢᠳᠪᠦᠷᠢᠯᠡᠵᠤ ᠪᠠᠰᠠ ᠥᠪᠥᠷ ᠮᠣᠩᠭᠤᠯ ᠤᠨ ᠨᠡᠭᠦᠷᠡᠰᠦ ᠶᠢ ᠵᠡᠭᠦᠨᠰᠢ ᠵᠥᠭᠡᠭᠡᠪᠦᠷᠢᠯᠡᠬᠦ ᠪᠡᠭᠡᠵᠢᠩ ᠤᠨ ᠬᠤᠶᠢᠲᠤ ᠬᠡᠰᠡᠭ ᠢ ᠲᠣᠭᠤᠷᠢᠭᠰᠠᠨ ᠬᠤᠶᠠᠳᠠᠭᠢ | ᠨᠡᠭᠦᠷᠡᠰᠦᠨ ᠤ ᠲᠡᠭᠡᠭᠡᠪᠦᠷᠢ ᠶᠢᠨ ᠵᠠᠮ ᠢ ᠨᠡᠭᠡᠭᠡᠵᠦ ᠂ ᠤᠯᠤᠰ ᠤᠨ ᠨᠡᠭᠦᠷᠡᠰᠦᠨ ᠤ ᠡᠨᠧᠷᠭᠢ ᠶᠢᠨ ᠲᠡᠭᠡᠭᠡᠪᠦᠷᠢ ᠶᠢᠨ ᠠᠮᠤᠷ ᠲᠦᠪᠰᠢᠨ ᠢ ᠪᠠᠲᠤᠯᠠᠬᠤ ᠳᠤ ᠨᠡᠪᠲᠡᠷᠡᠬᠦ | ᠵᠠᠮ ᠢ ᠨᠡᠮᠡᠭᠳᠡᠭᠦᠯᠵᠦ ᠥᠭᠴᠡᠢ ᠃ ᠡᠭᠦᠨ ᠤ ᠵᠡᠷᠭᠡ ᠪᠠᠷ ᠵᠡᠭᠦᠨᠭᠠᠷ ᠠᠴᠠ ᠰᠢᠩ ᠡᠾᠧ ᠬᠦᠷᠬᠦ ᠥᠨᠳᠥᠷ ᠬᠤᠷᠳᠤᠴᠠᠲᠤ ᠵᠠᠰᠠᠮᠠᠯ ᠵᠠᠮ ᠂ ᠵᠠᠩ ᠪᠸᠢ ᠠᠴᠠ ᠱᠠᠩ ᠢ | ᠬᠦᠷᠬᠦ ᠥᠨᠳᠥᠷ ᠬᠤᠷᠳᠤᠴᠠᠲᠤ ᠵᠠᠰᠠᠮᠠᠯ ᠵᠠᠮ ᠳᠠᠭᠠᠤ ᠶᠢᠨ ᠬᠤᠶᠠᠷ ᠮᠤᠵᠢ ᠣᠷᠣᠨ ᠤ ᠠᠷᠠᠳ ᠣᠯᠠᠨ ᠤ ᠳᠥᠭᠦᠮ ᠳᠥᠲᠡ ᠶᠠᠪᠤᠵᠤ ᠰᠠᠭᠤᠬᠤ ᠬᠡᠷᠡᠭᠴᠡᠭᠡ ᠶᠢ | ᠬᠠᠩᠭᠠᠵᠤ ᠂ ᠨᠡᠶᠢᠭᠡᠮ ᠤᠨ ᠰᠠᠶᠢᠨ ᠰᠠᠶᠢᠬᠠᠨ ᠦᠷ᠎ᠡ ᠠᠰᠢᠭ ᠢ ᠪᠠᠳᠠᠷᠠᠭᠤᠯᠬᠤ ᠪᠣᠯᠣᠨ᠎ᠠ ︾ ᠭᠡᠵᠡᠢ ᠃ | | |