ᠦᠬᠡᠷ ᠲᠡᠵᠢᠭᠡᠬᠦ ᠳᠤ ᠡᠪᠡᠰᠤ ᠠᠷᠪᠢᠯᠠᠬᠤ ᠨᠠᠢᠮᠠᠨ ᠵᠦᠢᠯ ᠤᠨ ᠠᠷᠭ᠎ᠠ
ᠨᠡᠶᠢᠲᠡᠯᠡᠭᠰᠡᠨ ᠴᠠᠭ᠄
2022/9/6
    1ᠡᠪᠡᠰᠦ ᠶᠢ ᠣᠬᠤᠷ ᠬᠡᠷᠴᠢᠵᠤ ᠲᠡᠵᠢᠭᠡᠬᠦ  ᠶᠡᠷᠦ ᠶᠢᠨ ᠦᠭᠡᠨ ᠳᠤ᠄ ︽ᠢᠮᠠᠬᠤ ᠡᠪᠡᠰᠦ ᠶᠢ ᠭᠤᠷᠪᠠ ᠬᠡᠷᠴᠢᠪᠡᠯ᠂ ᠪᠣᠷᠳᠣᠬᠤ ᠦᠭᠡᠢ ᠴᠤ ᠲᠠᠷᠭᠤᠯᠠᠨ᠎ᠠ︾ ᠭᠡᠳᠡᠭ᠃ ᠲᠡᠵᠢᠭᠡᠯ ᠡᠪᠡᠰᠦ ᠶᠢ ᠣᠬᠤᠷ ᠬᠡᠷᠴᠢᠭᠡᠳ ᠦᠬᠡᠷ ᠢ ᠲᠡᠵᠢᠭᠡᠪᠡᠯ᠂ ᠪᠦᠬᠦᠯᠢ ᠪᠠᠷ ᠲᠡᠵᠢᠭᠡᠭᠰᠡᠨ ᠠᠴᠠ ᠡᠪᠡᠰᠦ ᠶᠢ 20% ᠣᠷᠴᠢᠮ ᠠᠷᠪᠢᠯᠠᠵᠤ ᠴᠢᠳᠠᠨ᠎ᠠ᠂ ᠢᠯᠠᠩᠭᠤᠶ᠎ᠠ ᠢᠳᠡᠰᠢᠯᠡᠬᠦ ᠪᠠᠭ᠎ᠠ ᠪᠤᠶᠤ ᠢᠳᠡᠰᠢᠯᠡᠬᠦ ᠳᠤ ᠬᠦᠴᠢᠷ ᠲᠠᠢ ᠪᠦᠳᠦᠭᠦᠯᠢᠭ᠂ ᠬᠠᠲᠠᠭᠤ ᠡᠰᠢ ᠰᠦᠷᠡᠯ ᠢ ᠣᠬᠤᠷ ᠬᠡᠷᠴᠢᠵᠦ ᠲᠡᠵᠢᠭᠡᠪᠡᠯ᠂ ᠭᠦᠢᠴᠡᠳ ᠠᠰᠢᠭᠯᠠᠵᠤ ᠳᠡᠶᠢᠯᠬᠦ ᠮᠦᠷᠲᠡᠭᠡᠨ ᠰᠢᠩᠭᠡᠭᠡᠬᠦ ᠨᠤᠷᠮ᠎ᠠ ᠶᠢ ᠴᠤ ᠳᠡᠭᠡᠭᠰᠢᠯᠡᠭᠦᠯᠵᠦ ᠴᠢᠳᠠᠨ᠎ᠠ᠃ ᠶᠡᠷᠦ ᠳᠡᠭᠡᠨ ᠡᠰᠢ ᠰᠦᠷᠡᠯ ᠢ 3~5 ᠰᠠᠨᠲ᠋ᠢᠮᠧᠳ᠋ᠷ ᠤᠷᠲᠦ ᠬᠡᠷᠴᠢᠵᠦ ᠦᠬᠡᠷ ᠢ ᠲᠡᠵᠢᠭᠡᠨ᠎ᠡ᠃       2 ᠪᠦᠳᠦᠭᠦᠯᠢᠭ ᠡᠪᠡᠰᠦ ᠪᠠᠷ ᠨᠠᠷᠢᠯᠢᠭ ᠲᠡᠵᠢᠭᠡᠬᠦᠲᠠᠷᠢᠮᠠᠯ ᠤᠨ ᠡᠰᠢ ᠰᠦᠷᠡᠯ ᠢ ᠲᠠᠪᠤᠰᠤᠵᠢᠭᠤᠯᠵᠤ᠂ ᠱᠦᠯᠳᠦᠵᠢᠭᠦᠯᠵᠤ᠂ ᠰᠢᠪᠲᠤᠷᠵᠢᠭᠤᠯᠤᠨ ᠰᠢᠢᠳᠪᠦᠷᠢᠯᠡᠨ᠎ᠡ᠂ ᠡᠰᠡᠬᠦᠯ᠎ᠡ ᠬᠡᠷᠴᠢᠭᠰᠡᠨ ᠤ ᠳᠠᠷᠠᠭ᠎ᠠ ᠨᠠᠷᠢᠯᠢᠭ ᠪᠣᠷᠳᠤᠭ᠎ᠠ ᠲᠠᠢ ᠬᠤᠯᠢᠵᠤ ᠦᠬᠡᠷ ᠢ ᠲᠡᠵᠢᠭᠡᠪᠡᠯ ᠲᠡᠵᠢᠭᠡᠯ ᠡᠪᠡᠰᠦᠨ ᠤ ᠠᠰᠢᠭᠯᠠᠮᠵᠢ ᠶᠢ ᠳᠡᠭᠡᠭᠰᠢᠯᠡᠭᠦᠯᠵᠦ᠂ ᠢᠳᠡᠭᠦᠰᠢ ᠴᠢᠨᠠᠷ ᠢ ᠨᠡᠮᠡᠭᠳᠡᠭᠦᠯᠦᠨ᠂ ᠲᠡᠵᠢᠭᠡᠯ ᠡᠪᠡᠰᠦ ᠶᠢ ᠠᠷᠪᠢᠯᠠᠬᠤ ᠪᠣᠯᠣᠨ᠎ᠠ᠃      3 ᠴᠦᠬᠡᠨ ᠬᠡᠮᠵᠢᠶ᠎ᠡ ᠪᠠᠷ ᠣᠯᠠᠨ ᠤᠳᠠᠭ᠎ᠠ ᠨᠡᠮᠡᠬᠦᠲᠡᠵᠢᠭᠡᠯ ᠡᠪᠡᠰᠦ ᠶᠢ ᠨᠢᠭᠡ ᠯᠠ ᠤᠳᠠᠭ᠎ᠠ ᠨᠡᠮᠡᠵᠦ ᠲᠡᠵᠢᠭᠡᠪᠡᠯ᠂ ᠦᠬᠡᠷ ᠲᠤᠩ ᠠᠮᠠᠷᠬᠠᠨ ᠢᠳᠡᠰᠢ ᠭᠤᠯᠣᠬᠤ ᠮᠠᠭᠤ ᠵᠠᠩᠰᠢᠯ ᠲᠠᠢ ᠪᠤᠯᠤᠭᠠᠳ᠂ ᠲᠡᠵᠢᠭᠡᠯ ᠡᠪᠡᠰᠦ ᠶᠢ ᠰᠦᠢᠳᠬᠡᠬᠦ ᠪᠤᠯᠣᠨ᠎ᠠ᠃ ᠪᠠᠭ᠎ᠠ ᠲᠡᠵᠢᠭᠡᠵᠦ ᠤᠯᠠᠨ ᠤᠳᠠᠭ᠎ᠠ ᠨᠡᠮᠡᠪᠡᠯ᠂ ᠲᠡᠵᠢᠭᠡᠯ ᠡᠪᠡᠰᠦᠨ ᠳᠤ ᠠᠷᠪᠢᠲᠠᠢ ᠪᠠᠶᠢᠳᠠᠭ᠃      4 ᠣᠩᠭᠤᠴᠠᠨ ᠳᠤ ᠬᠢᠵᠦ ᠲᠡᠵᠢᠭᠡᠬᠦᠲᠡᠵᠢᠭᠡᠯ ᠡᠪᠡᠰᠦ ᠶᠢ ᠬᠠᠰᠢᠶ᠎ᠠ ᠬᠤᠷᠤᠭᠠᠨ ᠳᠤ ᠰᠢᠭᠤᠳ ᠬᠠᠶᠠᠵᠤ ᠦᠭᠴᠦ ᠪᠠᠶᠢᠭᠰᠠᠨ ᠳᠠᠳᠬᠠᠯ ᠢᠶᠠᠨ ᠦᠭᠡᠷᠡᠴᠢᠯᠡᠵᠦ᠂ ᠲᠡᠵᠢᠭᠡᠯ ᠡᠪᠡᠰᠦ ᠶᠢ ᠣᠩᠭᠤᠴᠠᠨ ᠳᠤ ᠬᠢᠵᠦ ᠲᠡᠵᠢᠭᠡᠪᠡᠯ ᠲᠡᠵᠢᠭᠡᠯ ᠡᠪᠡᠰᠦ ᠪᠠᠭᠠᠰᠤ ᠰᠢᠭᠡᠰᠦᠨ ᠳᠤ ᠪᠤᠵᠠᠷᠲᠤᠭᠳᠠᠬᠤ ᠦᠭᠡᠢ ᠪᠣᠯᠵᠤ᠂ ᠦᠬᠡᠷ ᠢᠳᠡᠰᠢᠯᠡᠭᠰᠡᠨ ᠤ ᠳᠠᠷᠠᠭ᠎ᠠ ᠭᠡᠮᠨᠡᠬᠦ ᠦᠭᠡᠢ ᠮᠦᠷᠲᠡᠭᠡᠨ ᠶᠡᠭᠡ ᠬᠡᠮᠵᠢᠶᠡᠨ ᠤ ᠲᠡᠵᠢᠭᠡᠯ ᠡᠪᠡᠰᠦ ᠶᠢ ᠠᠷᠪᠢᠯᠠᠵᠦ ᠴᠢᠳᠠᠨ᠎ᠠ᠃     5 ᠤᠷᠢᠳᠠᠪᠡᠷ ᠪᠦᠳᠦᠭᠦᠯᠢᠭ ᠳᠠᠷᠠᠭ᠎ᠠ ᠨᠠᠷᠢᠯᠢᠭᠤᠷᠢᠳᠠᠪᠠᠷ ᠪᠦᠳᠦᠭᠦᠯᠢᠭ ᠪᠣᠷᠳᠤᠭ᠎ᠠ ᠪᠠᠷ ᠲᠡᠵᠢᠭᠡᠪᠡᠯ ᠦᠯᠦᠰᠦᠭᠰᠠᠠ ᠭᠥᠮᠤᠠ ᠳᠤ ᠦᠯ ᠪᠤᠭᠤ ᠶᠢᠨ ᠡᠪᠡᠷ ᠵᠦᠭᠡᠯᠡᠠ ᠭᠡᠳᠡᠭᠴᠢᠯᠡᠠ ᠦᠬᠡᠷ ᠡᠪᠡᠰᠦ ᠭᠤᠯᠣᠬᠤ ᠦᠭᠡᠢ᠂ ᠪᠦᠳᠦᠭᠦᠯᠢᠭ ᠪᠣᠷᠳᠤᠭ᠎ᠠ ᠶᠢ ᠤᠯᠠᠨ ᠢᠳᠡᠰᠢᠯᠡᠬᠦ ᠪᠣᠯᠣᠨ᠎ᠠ᠃ ᠳᠠᠷᠠᠭ᠎ᠠ ᠰᠢᠮ᠎ᠡ ᠲᠡᠵᠢᠭᠡᠯ ᠤᠨ ᠬᠡᠷᠡᠭᠴᠡᠭᠡ ᠶᠢ ᠦᠨᠳᠦᠰᠦᠯᠡᠨ ᠨᠠᠷᠢᠯᠢᠭ ᠪᠣᠷᠳᠤᠭ᠎ᠠ ᠪᠤᠶᠤ ᠰᠢᠯᠢᠳᠡᠭ ᠲᠡᠵᠢᠭᠡᠯ ᠡᠪᠡᠰᠦ ᠪᠠᠷ ᠲᠡᠵᠢᠭᠡᠨ᠎ᠡ᠂ ᠢᠩᠬᠢᠪᠡᠯ ᠦᠬᠡᠷ ᠪᠦᠳᠦᠭᠦᠯᠢᠭ ᠪᠣᠷᠳᠤᠭ᠎ᠠ ᠶᠢ ᠭᠦᠢᠴᠡᠳ ᠠᠰᠢᠭᠯᠠᠵᠤ᠂ ᠲᠡᠵᠢᠭᠡᠯ ᠡᠪᠡᠰᠦ ᠶᠢ ᠠᠷᠪᠢᠯᠠᠬᠤ ᠪᠤᠯᠤᠨ᠎ᠠ᠃      6 ᠣᠩᠭᠤᠴᠠ ᠶᠢ ᠦᠭᠡᠷᠡᠴᠢᠯᠡᠬᠦᠲᠡᠵᠢᠭᠡᠯ ᠤᠨ ᠤᠩᠭᠤᠴᠠ ᠬᠡᠲᠦᠷᠭᠡᠢ ᠭᠦᠶᠤᠭᠡᠠ ᠪᠤᠯ ᠦᠭᠡᠷ ᠡᠪᠡᠰᠤ ᠢᠳᠡᠰᠢᠯᠡᠭᠦ ᠦᠶᠠᠰ ᠡᠪᠡᠰᠤ ᠶᠢ ᠭᠠᠳᠠᠨ᠎ᠠ ᠡᠳᠡᠵᠦ ᠭᠠᠷᠭᠠᠭᠠᠳ ᠪᠦᠷᠢᠯᠭᠡᠭᠦ ᠪᠤᠯᠤᠨ᠎ᠠ᠂ ᠡᠶᠢᠮᠦ ᠠᠴᠠ ᠲᠡᠵᠢᠭᠡᠯ ᠤᠨ ᠣᠩᠭᠤᠴᠠ ᠬᠢᠬᠦ ᠳᠤ᠂ ᠤᠩᠭᠤᠴᠨ ᠶᠢ ᠭᠦᠨ ᠰᠢᠭ ᠬᠢᠵᠦ᠂ ᠶᠡᠷᠦ ᠳᠡᠭᠡᠨ 40 ᠰᠠᠨᠲ᠋ᠢᠮᠧᠳ᠋ᠷ ᠬᠢᠷᠢᠲᠠᠢ ᠬᠢᠪᠡᠯ ᠰᠠᠶᠢᠨ ᠶᠤᠮ᠃    7 ᠦᠯᠡᠳᠡᠭᠰᠡᠨ ᠡᠪᠡᠰᠦ ᠶᠢ ᠪᠣᠯᠪᠠᠰᠤᠷᠠᠭᠤᠯᠬᠤᠦᠩᠭᠡᠷᠡᠭᠰᠡᠨ ᠳᠤ ᠶᠡᠷᠦ ᠳᠡᠭᠡᠨ ᠦᠬᠡᠷ ᠤᠨ ᠢᠳᠡᠰᠢᠯᠡᠭᠡᠳ ᠦᠯᠡᠳᠡᠭᠰᠡᠨ ᠪᠦᠳᠦᠭᠦᠯᠢᠭ ᠬᠠᠲᠠᠭᠤ ᠡᠰᠢ ᠰᠦᠷᠡᠯ ᠢ ᠲᠦᠯᠡᠰᠢ ᠪᠣᠯᠭᠠᠨ ᠰᠢᠲᠠᠭᠠᠳᠠᠭ ᠪᠠᠶᠢᠨ᠎ᠠ᠂ ᠲᠡᠭᠦᠨ ᠢ ᠲᠡᠭᠦᠨ ᠠᠪᠴᠦ ᠬᠠᠲᠠᠭᠠᠭᠠᠳ ᠭᠡᠮᠭᠡᠯᠤᠭᠦᠷ ᠮᠠᠰᠢᠠ ᠢᠶᠠᠷ ᠲᠠᠬᠢᠠ ᠭᠡᠮᠭᠡᠯᠵᠤ ᠨᠤᠡᠳᠠᠭ ᠪᠤᠯᠭᠠᠵᠤ ᠦᠭᠡᠷ ᠢ ᠲᠡᠵᠢᠭᠡᠪᠡᠯ᠂ ᠡᠰᠢ ᠰᠦᠷᠡᠯ ᠤᠨ ᠠᠰᠢᠭᠯᠠᠮᠵᠢ ᠶᠢ ᠪᠦᠲᠦᠮᠵᠢᠲᠡᠢ ᠳᠡᠭᠡᠭᠰᠢᠯᠡᠭᠦᠯᠵᠦ ᠴᠢᠳᠠᠨ᠎ᠠ᠃     8 ᠰᠡᠭᠡᠯ ᠢ ᠠᠷᠪᠢᠯᠠᠬᠤᠬᠠᠰᠢᠶ᠎ᠠ ᠬᠤᠷᠤᠭᠠᠠ ᠤ ᠠᠷᠢᠭᠤᠠ ᠴᠡᠪᠡᠷ ᠢ ᠪᠠᠳᠤᠯᠠᠬᠤ ᠭᠡᠪᠡᠯ ᠠᠯᠢ ᠴᠢᠳᠠᠬᠤ ᠪᠠᠷ ᠬᠠᠶᠠᠬᠳᠠᠮᠠᠯ ᠬᠤᠭ ᠡᠪᠡᠰᠤ ᠪᠠᠷ ᠦᠭᠡᠷ ᠤᠨ ᠰᠡᠭᠡᠯ ᠪᠤᠯᠭᠠᠵᠤ᠂ ᠲᠡᠵᠢᠭᠡᠯ ᠡᠪᠡᠰᠤᠠ ᠤ ᠰᠦᠢᠳᠤᠯ ᠢ ᠪᠠᠭᠠᠰᠬᠠᠨ᠎ᠠ᠃
ᠢᠷᠡᠯᠲᠡ᠄ ᠥᠪᠦᠷ ᠮᠣᠩᠭᠤᠯ ᠤᠨ ᠠᠷᠠᠳ ᠤᠨ ᠵᠠᠰᠠᠭ ᠤᠨ ᠣᠷᠳᠣᠨ